ᠬᠤᠷᠮᠤᠰᠳᠠ ᠲᠡᠭᠷᠢ ᠶᠢᠨ ᠲᠤᠮᠳᠠ ᠭᠥᠤ ᠶᠢᠷᠳᠢᠨᠴᠥ ᠳᠤ ᠪᠠᠭᠤᠬᠤ ᠪᠤᠯᠪᠠ
ᠨᠡᠶᠢᠲᠡᠯᠡᠭᠰᠡᠨ ᠴᠠᠭ᠄
2018/1/2
    ᠪᠠᠰᠠ ᠬᠤᠷᠮᠤᠰᠳᠠ ᠲᠡᠭᠷᠢ᠄ ︽ᠵᠠ ᠥᠢᠯᠡ ᠪᠥᠳᠥᠭᠡᠭᠴᠢ ᠡ︕ ᠡᠳᠡ ᠪᠥᠭᠦᠳᠡ ᠶᠢᠨ ᠥᠭᠡ ᠨᠢ ᠡᠨᠡ ᠪᠠᠶᠢᠨ᠎ᠡ᠃ ᠤᠳᠤ ᠴᠢ ᠶᠠᠭᠤ ᠭᠡᠯᠡᠨᠡᠮ︖︾ ᠭᠡᠪᠡ᠃ ︽ᠪᠢ ᠶᠠᠭᠤ ᠭᠡᠯᠡᠭᠦ ᠪᠤᠢ︖ ᠬᠠᠭᠠᠨ ᠡᠴᠢᠭᠡ ᠶᠢᠨ ᠵᠠᠷᠯᠢᠭ ᠢᠶᠠᠷ ᠤᠴᠢᠪᠠᠯ ᠴᠤ ᠤᠴᠢᠶ᠎ᠡ᠃ ᠬᠤᠷᠮᠤᠰᠳᠠ ᠲᠡᠭᠷᠢ ᠠᠬᠠᠢ ᠮᠢᠨᠢ᠂ ᠨᠠᠳᠠ ᠰᠢᠭᠦᠳᠡᠷᠢ ᠶᠢᠨ ᠭᠢᠯᠪᠢᠯᠭᠡᠨ ᠥᠡᠭᠭᠡᠳᠤ ᠭᠥ᠋ ᠬᠠᠷ᠎ᠡ ᠬᠤᠶᠠᠭ ᠢᠶᠠᠨ ᠥᠭ᠃ ᠴᠠᠭᠢᠯᠭᠠᠨ ᠥᠡᠭᠭᠡᠳᠤ ᠲᠠᠯᠠᠪᠴᠢ ᠪᠠᠨ ᠥᠭ᠃ ᠨᠠᠷᠠ ᠰᠠᠷᠠ ᠬᠤᠶᠠᠷ ᠢ ᠬᠠᠮᠳᠤ ᠪᠠᠷ ᠵᠡᠷᠭᠡᠴᠡᠭᠦᠯᠥᠨ ᠤᠷᠭᠤᠭᠤᠯᠤᠨ ᠭᠢᠭᠰᠡᠨ ᠮᠠᠩᠯᠠᠢ ᠴᠠᠭᠠᠨ ᠲᠤᠭᠤᠯᠠᠭ᠎ᠠ ᠪᠠᠨ ᠥᠭ᠃ ᠤ᠊ᠭ᠍ᠶᠤᠨ ᠡᠷᠳᠡᠨᠢ ᠤᠨᠢᠳᠤ ᠴᠠᠭᠠᠨ ᠰᠤᠮᠤ ᠪᠠᠨ ᠥᠭ᠃ ᠲᠤᠭᠰᠢᠨ ᠬᠠᠷ᠎ᠡ ᠨᠤᠮᠤ ᠪᠠᠨ ᠥᠭ᠃ ᠪᠢᠯᠢᠭ ᠤᠨ ᠭᠤᠷᠪᠠᠨ ᠠᠯᠳᠠ ᠬᠠᠷ᠎ᠡ ᠱᠤᠷᠤ ᠰᠠᠯᠠᠮ᠎ᠡ ᠪᠠᠨ ᠥᠭ᠃ ᠲᠠᠭᠤᠷᠢᠰᠬᠤᠢ ᠨᠡᠷᠡᠳᠤ ᠠᠯᠳᠠᠨ ᠤᠷᠭ᠎ᠠ ᠪᠠᠨ ᠥᠭ᠃ ᠶᠡᠷᠡᠨ ᠭᠤᠷᠪᠠᠨ ᠵᠢᠩ ᠢᠶᠠᠷ ᠭᠢᠭᠰᠡᠨ ᠶᠡᠭᠡ ᠪᠤᠯᠤᠳ ᠰᠥᠭᠡ ᠪᠠᠨ ᠥᠭ᠃ ᠵᠢᠷᠠᠨ ᠭᠤᠷᠪᠠᠨ ᠵᠢᠩ ᠢᠶᠠᠷ ᠭᠢᠭᠰᠡᠨ ᠪᠠᠭ᠎ᠠ ᠪᠤᠯᠤᠳ ᠰᠥᠭᠡ ᠪᠠᠨ ᠥᠭ᠃ ᠶᠢᠰᠤᠨ ᠰᠠᠯᠠᠭᠠᠳᠤ ᠲᠡᠮᠥᠷ ᠤᠷᠠᠬ᠎ᠠ ᠪᠠᠨ ᠥᠭ᠃ ᠡᠨᠡ ᠪᠥᠭᠦᠳᠡ ᠶᠢ ᠨᠠᠮ᠎ᠠ ᠶᠢ ᠶᠢᠷᠳᠢᠨᠴᠥ ᠳᠤ ᠲᠥᠷᠥᠭᠦ ᠳᠤ ᠪᠠᠭᠤᠯᠭᠠᠵᠤ ᠥᠭᠭᠦᠭᠡᠷᠡᠢ︾ ᠭᠡᠪᠡ᠃ ᠬᠤᠷᠮᠤᠰᠳᠠ ᠲᠡᠭᠷᠢ ᠡᠴᠢᠭᠡ ᠨᠢ᠄ ︽ᠵᠠ ᠥᠭᠭᠦᠶ᠎ᠡ︾ ᠭᠡᠪᠡ᠃ ︽ᠭᠤᠴᠢᠨ ᠭᠤᠷᠪᠠᠨ ᠲᠡᠭᠷᠢ ᠨᠠᠷ ᠤᠨ ᠭᠤᠷᠪᠠᠨ ᠲᠡᠭᠷᠢ ᠲᠠ ᠨᠠᠷ᠂ ᠨᠠᠳᠠ ᠶᠢᠷᠳᠢᠨᠴᠥ ᠳᠤ ᠨᠢᠭᠡ ᠭᠡᠪᠡᠯᠢ ᠠᠴᠠ ᠲᠥᠷᠥᠭᠦ ᠭᠤᠷᠪᠠᠨ ᠬᠤᠪᠢᠯᠭᠠᠨ ᠡᠭᠡᠴᠢ ᠶᠢ ᠪᠠᠭᠤᠯᠭᠠᠵᠤ ᠥᠭ᠃ ᠨᠢᠭᠡ ᠲᠡᠭᠷᠢ ᠳᠤ ᠨᠢ ᠮᠢᠨᠥ ᠪᠠᠶ᠎ᠡ ᠶᠢᠨ ᠲᠥᠷᠢ ᠲᠠᠢ ᠨᠢᠭᠡᠨ ᠬᠤᠪᠢᠯᠭᠠᠨ ᠠᠬ᠎ᠠ ᠶᠢ ᠪᠠᠭᠤᠯᠭᠠᠵᠤ ᠥᠭ᠃ ᠪᠤᠰᠤᠳ ᠲᠡᠭᠷᠢ ᠨᠠᠷ ᠡᠨᠡ ᠲᠠᠭᠠᠭᠤᠯᠵᠤ ᠶᠠᠪᠤᠭᠴᠢ ᠰᠠᠶᠢᠳ ᠠᠴᠠ ᠪᠠᠨ ᠭᠤᠴᠢᠨ ᠪᠠᠭᠠᠳᠤᠷ ᠢ ᠪᠠᠭᠤᠯᠭᠠᠵᠤ ᠥᠭ᠃ ᠪᠢ ᠶᠢᠷᠳᠢᠨᠴᠥ ᠳᠤ ᠲᠠᠨ ᠢ ᠢᠯᠡᠭᠡᠨᠡᠮ ᠭᠡᠵᠤ ᠶᠡᠭᠡ ᠲᠤᠷᠠᠯᠠᠵᠤ ᠥᠭ ᠭᠡᠭᠦ ᠪᠢᠰᠢ᠂ ᠬᠤᠷᠮᠤᠰᠳᠠ ᠲᠡᠭᠷᠢ ᠶᠢᠨ ᠭᠥᠪᠡᠭᠦᠨ ᠶᠢᠷᠳᠢᠨᠴᠥ ᠳᠤ ᠤᠴᠢᠭᠠᠳ ᠬᠠᠭᠠᠨ ᠤᠷᠤᠨ ᠢ ᠰᠠᠭᠤᠵᠤ ᠡᠰᠡ ᠴᠢᠳᠠᠪᠠᠯ᠂ ᠭᠥᠮᠥᠨ ᠳᠤ ᠳᠠᠶᠢᠯᠠᠯᠳᠤᠪᠠᠯ ᠲᠠᠨ ᠤ ᠨᠡᠷ᠎ᠡ ᠳᠤ ᠮᠠᠭᠤ ᠪᠢᠰᠢ ᠤᠤ︖ ᠲᠤᠭᠰᠢᠨ ᠢ ᠲᠤᠷᠦ᠋ᠢᠳᠠᠭᠤᠯᠵᠤ᠂ ᠠᠮᠢᠳᠠᠨ ᠢ ᠵᠢᠷᠭᠠᠭᠤᠯᠵᠤ ᠶᠠᠪᠤᠪᠠᠯ ᠰᠠᠶᠢᠨ ᠨᠢ ᠡᠨᠡ ᠪᠢᠰᠢ ᠤᠤ︖ ᠭᠡᠵᠤ ᠭᠤᠶᠤᠬᠤ ᠮᠢᠨᠢ ᠡᠨᠡ ᠪᠢᠯᠡ︾ ᠭᠡᠪᠡ᠃ ᠬᠤᠷᠮᠤᠰᠳᠠ ᠲᠡᠭᠷᠢ᠂ ᠭᠤᠴᠢᠨ ᠭᠤᠷᠪᠠᠨ ᠲᠡᠭᠷᠢ ᠨᠠᠷ ᠪᠥᠭᠦᠳᠡᠭᠡᠷ ᠢᠶᠠᠨ᠄ ︽ᠵᠥᠪ ᠪᠢᠰᠢ ᠶᠠᠭᠤ ᠪᠤᠢ᠂ ᠥᠢᠯᠡ ᠪᠥᠳᠥᠭᠡᠭᠴᠢ ᠶᠢᠨ ᠡᠨᠡ ᠥᠭᠡ ᠨᠢ︖ ᠴᠢᠮ᠎ᠠ ᠶᠢ ᠢᠯᠡᠭᠡᠭᠦ ᠭᠠᠵᠠᠷ ᠲᠤ ᠶᠠᠭᠤ ᠭᠡᠵᠤ ᠬᠠᠶᠢᠷᠠᠯᠠᠨᠠᠮ ᠪᠢᠳᠡ︖ ᠪᠤᠯᠳᠤ ᠶᠢ ᠥᠭᠭᠦᠶ᠎ᠡ︾ ᠭᠡᠮᠡᠪᠡ᠃ ᠥᠢᠯᠡ ᠪᠥᠳᠥᠭᠡᠭᠴᠢ ︽ᠵᠠ︾ ᠭᠡᠪᠠ᠃     ︽ᠠᠬ᠎ᠠ ᠮᠢᠨᠢ ᠠᠮᠢᠨ ᠰᠠᠭᠢᠬᠴᠢ᠂ ᠲᠡᠭᠦᠥ ᠮᠢᠨᠢ ᠲᠡᠭᠦᠰᠴᠤᠭᠳᠤ ᠡᠰᠡ ᠤᠴᠢᠪᠠ᠃ ᠶᠢᠷᠳᠢᠨᠴᠥ ᠳᠤ ᠭᠥᠷᠴᠤ ᠠᠮᠢᠳᠠᠨ ᠤ ᠲᠤᠰᠠ ᠶᠢ ᠪᠥᠳᠥᠭᠡᠭᠰᠡᠨ ᠬᠤᠶᠢᠨ᠎ᠡ ᠬᠠᠭᠠᠨ ᠡᠴᠢᠭᠡ ᠶᠢᠨ ᠮᠢᠨᠢ ᠬᠠᠭᠠᠨ ᠤᠷᠤᠨ ᠳᠤ ᠰᠠᠭᠤᠬᠤ ᠭᠡᠰᠢᠭ ᠨᠠᠳᠠ ᠪᠤᠢ ‍ᠶ᠎ᠡ︾ ᠭᠡᠪᠡ᠃ ᠪᠠᠰᠠ ︽ᠵᠥᠪ︾ ᠭᠡᠪᠡ᠃ ︽ᠰᠤᠷᠢᠨᠵᠢᠨ ᠭᠥᠷᠡᠯ ᠢᠶᠠᠷ ᠪᠥᠳᠥᠭᠡᠵᠤ ᠭᠢᠭᠰᠡᠨ ᠶᠡᠭᠡ ᠢᠯᠳᠤ ᠪᠠᠨ ᠥᠭᠭᠦᠭᠡᠷᠡᠢ᠂ ᠠᠬᠠᠢ ᠮᠢᠨᠢ︾ ᠭᠡᠪᠡ᠃ ︽ᠥᠭᠭᠦᠶ᠎ᠡ︾ ᠭᠡᠪᠡ᠃ ︽ᠶᠢᠷᠳᠢᠨᠴᠥ ᠳᠤ ᠲᠥᠷᠥᠭᠰᠡᠨ ᠬᠤᠶᠢᠨ᠎ᠡ ᠮᠢᠨᠢ ᠨᠠᠳᠠ ᠠᠮᠢᠳᠠᠨ ᠳᠤ ᠥᠯᠥ ᠭᠠᠷᠳᠠᠬᠤ ᠨᠢᠭᠡᠨ ᠰᠠᠶᠢᠨ ᠮᠤᠷᠢ ᠪᠠᠭᠤᠯᠭᠠᠵᠤ ᠥᠭᠭᠦᠭᠡᠷᠡᠢ︾ ᠭᠡᠪᠡ᠃ ︽ᠵᠥᠪ᠂ ᠥᠭᠭᠦᠶ᠎ᠡ︾ ᠭᠡᠪᠡ᠃  
 
ᠢᠷᠡᠯᠲᠡ᠄ ᠭᠡᠰᠡᠷ ᠤᠨ ᠲᠤᠭᠤᠵᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号