| | | | ᠭᠡᠷ ᠲᠤ ᠪᠠᠨ ᠢᠷᠡᠭᠰᠡᠨ ᠬᠤᠶᠢᠨ᠎ᠡ ᠠᠮᠤᠷᠵᠢᠯ ᠤᠨ ᠭᠡᠪᠡᠯᠢ ᠨᠢ ᠶᠡᠭᠡᠳᠴᠤ ᠪᠤᠰᠴᠤ ᠰᠠᠭᠤᠵᠤ ᠥᠯᠥ ᠴᠢᠳᠠᠬᠤ | ᠪᠤᠯᠪᠠ᠃ ᠠᠷᠪᠠᠨ ᠲᠠᠪᠤᠨ ᠤ ᠡᠳᠤᠷ᠂ ᠥᠷᠯᠥᠭᠡᠭᠦᠷ ᠡᠪᠥᠭᠡᠨ ᠤᠷᠠᠬ᠎ᠠ ᠪᠠᠨ ᠠᠪᠴᠤ ᠮᠠᠯ ᠢᠶᠠᠨ ᠲᠠᠭᠤᠵᠤ | ᠤᠳᠬᠤ ᠪᠠᠷ ᠭᠠᠷᠬᠤ ᠳᠤ ᠨᠢ ᠠᠮᠤᠷᠵᠢᠯ ᠭᠡᠯᠡᠪᠡ᠄ ︽ᠴᠢ ᠶᠠᠭᠤ ᠭᠢᠵᠤ ᠶᠠᠪᠤᠨᠠᠮ︖ ᠮᠢᠨᠥ ᠭᠡᠪᠡᠯᠢ ᠳᠤ ᠭᠥᠮᠥᠨ | ᠭᠡᠯᠡᠯᠴᠡᠭᠦ ᠮᠡᠳᠥ ᠭᠢᠨᠭᠭᠢᠨᠡᠨᠡ᠃ ᠪᠢ ᠭᠠᠭᠴᠠᠭᠠᠷ ᠢᠶᠠᠨ ᠠᠶᠤᠵᠤ ᠥᠭᠦᠨᠡᠮ᠃ ᠭᠠᠭᠴᠠ ᠡᠨᠡ ᠡᠳᠥᠷ ᠮᠢᠨᠥ ᠲᠡᠷᠭᠡᠳᠡ | ᠰᠠᠭᠤ ᠴᠢ︾ ᠭᠡᠭᠦ ᠳᠤ ᠰᠠᠩᠯᠤᠨ ᠡᠪᠥᠭᠡᠨ ᠭᠡᠯᠡᠪᠡ᠄ ︽ᠴᠢᠨᠥ ᠲᠡᠷᠭᠡᠳᠡ ᠪᠢ ᠰᠠᠭᠤᠶᠡ ᠭᠡᠭᠦ ᠳᠤ ᠤᠭᠤᠳᠤᠨᠡ ᠭᠡᠨ | ᠠᠯᠠᠬᠤ ᠪᠤᠢ︖ ᠬᠤᠶᠠᠷ ᠭᠤᠷᠪᠠᠨ ᠮᠠᠯ ᠢ ᠮᠢᠨᠢ ᠭᠡᠨ ᠥᠵᠡᠨᠡᠮ︖ ᠤᠭᠤᠳᠤᠨᠡ ᠡᠰᠡ ᠠᠯᠠᠪᠠᠯ ᠪᠢᠳᠡ ᠬᠤᠶᠠᠷ | ᠠᠮᠢ ᠪᠠᠨ ᠶᠠᠭᠤ ᠪᠠᠷ ᠲᠡᠵᠢᠭᠡᠨᠡᠮ︖︾ ᠭᠡᠵᠤ ᠡᠰᠡ ᠪᠤᠯᠵᠤ ᠶᠠᠪᠤᠪᠠ᠃ ᠡᠪᠥᠭᠡᠨ ᠶᠠᠪᠤᠵᠤ ᠤᠭᠤᠳᠤᠨᠡ | ᠤᠷᠠᠬᠠᠳᠠᠨ᠂ ᠲᠠᠯᠠᠨ ᠤᠭᠤᠳᠤᠨᠡ ᠠᠯᠠᠵᠤ ᠢᠷᠡᠪᠡ᠃ ᠭᠡᠷ ᠲᠤ ᠪᠠᠨ ᠡᠭᠦᠷᠴᠤ ᠢᠷᠡᠪᠡ᠃ ᠡᠪᠥᠭᠡᠨ ︽ | ᠢᠵᠠᠭᠤᠷ ᠠᠴᠠ ᠡᠨᠡ ᠡᠳᠥᠷ ᠢᠯᠡᠭᠦᠥ ᠠᠯᠠᠪᠠ ᠪᠢ︾ ᠭᠡᠵᠤ ᠡᠪᠥᠭᠡᠨ ᠭᠡᠷ ᠲᠤ ᠪᠠᠨ ᠪᠠᠶᠠᠷᠯᠠᠵᠤ ︽ᠡᠷᠳᠡᠨ ᠤ ᠮᠢᠨᠢ | ᠢᠷᠤᠭᠡᠯ ᠪᠤᠢ ᠶᠡ︾ ᠭᠡᠵᠤ ᠪᠠᠶᠠᠷᠯᠠᠵᠤ ᠰᠠᠭᠤᠪᠠ᠃ ᠤᠭᠤᠳᠤᠨᠡ ᠪᠠᠨ ᠭᠡᠷ ᠲᠤ ᠪᠠᠨ ᠲᠠᠯᠪᠢᠭᠠᠳ ᠤᠴᠢᠪᠠ᠃ | ᠪᠠᠰᠠ ᠥᠳᠡ ᠶᠢᠨ ᠬᠤᠶᠢᠨ᠎ᠡ ᠥᠳᠡᠰᠢ ᠶᠢᠨ ᠤᠷᠢᠳ ᠡᠭᠡ ᠶᠢᠨ ᠭᠡᠪᠡᠯᠢ ᠲᠤᠳᠤᠷ᠎ᠡ ᠭᠥᠪᠡᠭᠦᠨ ᠨᠢ ᠲᠠᠭᠤᠯᠠᠨ | ᠲᠠᠯᠪᠢᠪᠠ᠄ ︽ᠤᠸ᠎ᠡ ᠳ᠋ᠥᠡᠭᠵᠤᠩ ᠭᠠᠷᠪᠤ ᠨᠡᠷ᠎ᠡ ᠲᠠᠢ᠂ ᠮᠤᠯᠤᠷ ᠡᠷᠳᠡᠨᠢ ᠪᠠᠶ᠎ᠡ ᠲᠠᠢ᠂ ᠲᠤᠩ ᠴᠠᠭᠠᠨ ᠰᠢᠳᠤ ᠲᠠᠢ᠂ | ᠭᠠᠷᠤᠳᠢ ᠰᠢᠪᠠᠭᠤᠨ ᠲᠡᠷᠢᠭᠦᠥ ᠲᠠᠢ᠂ ᠠᠯᠳᠠᠨ ᠰᠢᠷ᠎ᠡ ᠬᠤᠨᠭ᠍ᠭᠤᠷᠴᠠᠭ ᠥᠰᠥ ᠲᠠᠢ᠂ ᠥᠰᠥᠨ ᠤ ᠮᠢᠨᠢ ᠥᠵᠥᠭᠦᠷ ᠲᠤ | ᠤᠳᠠ ᠮᠤᠳᠤᠨ ᠤ ᠴᠡᠴᠡᠭ ᠲᠡᠯᠭᠡᠷᠡᠭᠰᠡᠨ ᠮᠡᠳᠥ᠂ ᠪᠢ ᠲᠥᠷᠥᠭᠦ ᠪᠤᠢ᠃ ᠪᠢ ᠲᠥᠷᠥᠪᠡᠯ ᠲᠡᠭᠡᠷ᠎ᠡ ᠲᠡᠭᠷᠢ ᠨᠠᠷ ᠢ | ᠡᠵᠡᠯᠡᠭᠴᠢ ᠪᠢ ᠪᠤᠯᠬᠤ ᠪᠤᠢ︾ ᠭᠡᠪᠡ᠂ ᠪᠠᠰᠠ ᠨᠢᠭᠡ ᠨᠢ ᠲᠠᠭᠤᠯᠠᠪᠠ᠄ ︽ᠠᠷᠢᠶ᠎ᠡ ᠠᠸᠠᠯᠤᠺᠢ ᠨᠠᠷ᠎ᠡ ᠲᠠᠢ᠂ | ᠲᠡᠯᠭᠡᠷᠡᠩᠭᠦᠢ ᠴᠠᠭᠠᠨ ᠭᠡᠷᠡᠯ ᠲᠠᠢ᠂ ᠤᠯᠠᠭᠠᠨ ᠬᠤᠨᠭ᠍ᠭᠤᠷ ᠴᠢᠷᠠᠢ ᠲᠠᠢ᠂ ᠲᠡᠭᠡᠳᠤ ᠪᠠᠶ᠎ᠡ ᠮᠢᠨᠢ ᠭᠥᠮᠥᠨ ᠤ ᠪᠠᠶ᠎ᠡ ᠮᠡᠳᠥ᠂ | ᠲᠤᠤᠷᠠᠳᠤ ᠪᠠᠶ᠎ᠡ ᠮᠢᠨᠢ ᠯᠤᠤᠰ ᠤᠨ ᠬᠠᠭᠠᠳ ᠮᠤᠭᠠᠢ ᠶᠢᠨ ᠪᠠᠶ᠎ᠡ ᠮᠡᠳᠥ ᠪᠢ ᠲᠥᠷᠥᠭᠦ ᠪᠤᠢ᠃ ᠪᠢ ᠲᠥᠷᠥᠪᠡᠯ | ᠲᠤᠤᠷᠠᠳᠤ ᠯᠤᠤᠰ ᠤᠨ ᠬᠠᠭᠠᠳ ᠢ ᠡᠵᠡᠯᠡᠭᠴᠢ ᠪᠢ ᠪᠤᠯᠬᠤ ᠪᠤᠢ︾ ᠭᠡᠪᠡ᠃ | ᠪᠠᠰᠠ ᠨᠢᠭᠡ ᠨᠢ ᠲᠠᠭᠤᠯᠠᠪᠠ᠄ ︽ᠵᠠᠮᠴᠤ ᠳ᠋ᠠᠷᠢ ᠤᠸᠠᠳᠠᠮ ᠨᠠᠷ᠎ᠡ ᠲᠠᠢ᠂ ᠮᠠᠰᠢ ᠴᠠᠭᠠᠨ ᠥᠡᠭᠭᠡ ᠲᠠᠢ᠂ | ᠥᠡᠭᠭᠡ ᠭᠡᠷᠡᠯ ᠮᠢᠨᠢ ᠠᠷᠪᠠᠨ ᠵᠥᠭ ᠲᠤ ᠲᠡᠯᠭᠡᠷᠡᠭᠰᠡᠨ ᠪᠢ ᠲᠥᠷᠥᠭᠦ ᠪᠤᠢ᠃ ᠪᠢ ᠲᠥᠷᠥᠪᠡᠯ ᠠᠷᠪᠠᠨ ᠵᠥᠭ ᠤᠨ | ᠲᠡᠭᠢᠨᠢᠰ ᠢ ᠡᠵᠡᠯᠡᠭᠴᠢ ᠪᠢ ᠪᠤᠯᠬᠤ ᠪᠤᠢ︾ ᠭᠡᠪᠡ᠃ | ᠪᠠᠰᠠ ᠨᠢᠭᠡ ᠨᠢ ᠲᠡᠭᠤᠯᠠᠪᠠ᠄ ︽ᠭᠡᠰᠡᠷ ᠰᠠᠷᠪᠤ ᠳ᠋ᠤᠨᠳᠤᠪ ᠨᠡᠷ᠎ᠡ ᠲᠠᠢ᠂ ᠲᠡᠭᠡᠳᠤ ᠪᠠᠶᠠᠨ ᠳᠤ ᠮᠢᠨᠢ ᠠᠷᠪᠠᠨ | ᠵᠥᠭ ᠤᠨ ᠪᠤᠷᠬᠠᠨ ᠲᠡᠭᠦᠰᠥᠭᠰᠡᠨ᠂ ᠲᠤᠮᠳᠠ ᠪᠠᠶᠠᠨ ᠳᠤ ᠮᠢᠨᠢ ᠲᠥᠷᠪᠡᠨ ᠶᠡᠭᠡ ᠲᠡᠭᠷᠢ ᠨᠠᠷ ᠲᠡᠭᠦᠰᠥᠭᠰᠡᠨ᠂ | ᠲᠤᠤᠷᠠᠳᠤ ᠪᠠᠶᠠᠨ ᠳᠤ ᠮᠢᠨᠢ ᠨᠠᠢᠮᠠᠨ ᠶᠡᠭᠡ ᠯᠤᠤᠰ ᠤᠨ ᠬᠠᠭᠠᠳ ᠲᠡᠭᠦᠰᠥᠭᠰᠡᠨ ᠪᠢ ᠲᠥᠷᠥᠭᠦ ᠪᠤᠢ᠃ ᠪᠢ ᠲᠥᠷᠥᠪᠡᠯ | ᠡᠨᠡ ᠽᠠᠮᠪᠤᠳᠢᠪ ᠤᠨ ᠡᠵᠡᠨ ᠠᠷᠪᠠᠨ ᠵᠥᠭ ᠤᠨ ᠠᠴᠢᠳᠤ ᠭᠡᠰᠡᠷ ᠮᠡᠷᠭᠡᠨ ᠬᠠᠭᠠᠨ ᠪᠤᠯᠬᠤ ᠪᠢ︾ ᠭᠡᠵᠤ ᠲᠠᠭᠤᠯᠠᠪᠠ᠃ | ᠡᠭᠡ ᠨᠢ᠄ ︽ᠡᠪᠡᠢ ᠡᠪᠡᠢ᠂ ᠡᠪᠡᠢ ᠡᠪᠡᠢ ᠨᠠᠮ᠎ᠠ ᠶᠢ ᠶᠢᠷᠳᠢᠨᠴᠥ ᠶᠢᠨ ᠭᠥᠮᠥᠨ ᠡᠰᠡ ᠭᠡᠷᠡᠭᠯᠡᠵᠤ᠂ ᠭᠤᠷᠪᠠᠨ | ᠭᠤᠤᠯ ᠤᠨ ᠪᠠᠯᠴᠢᠷ ᠲᠤ ᠭᠥᠭᠡᠭᠡᠵᠤ ᠤᠷᠭᠢᠭᠰᠠᠨ᠂ ᠨᠠᠳᠠ ᠶᠠᠭᠤᠨ ᠤ ᠪᠤᠷᠬᠠᠨ ᠲᠥᠷᠥᠵᠤ ᠨᠠᠳᠠ ᠪᠠᠷᠢᠭᠳᠠᠨᠠᠮ ᠠᠵᠢ᠃ | ᠠᠳᠠ ᠴᠢᠳᠭᠦᠷ ᠤᠨ ᠬᠤᠪᠢᠯᠭᠠᠨ ᠭᠥᠪᠡᠭᠦᠨ ᠲᠥᠷᠥᠵᠤ ᠪᠠᠷᠢᠭᠳᠠᠨᠠᠮ ᠶᠡ᠃ ᠮᠠᠭᠤ ᠡᠴᠢᠭᠡ ᠲᠡᠨᠢ ᠰᠠᠩᠯᠤᠨ | ᠡᠪᠥᠭᠡᠨ ᠥᠯᠥᠭᠡᠢ ᠭᠢᠭᠦ ᠠᠴᠠ ᠲᠡᠭᠦᠨ ᠤ ᠠᠮᠢ ᠶᠢ ᠲᠡᠵᠢᠭᠡᠭᠦ ᠭᠥᠮᠥᠨ ᠥᠭᠡᠢ᠃ ᠲᠡᠨ ᠢ ᠪᠢ ᠥᠯᠥᠭᠡᠶᠢᠳᠡᠵᠤ | ᠲᠡᠵᠢᠭᠡᠭᠦ ᠠᠴᠠ ᠡᠭᠦᠷ ᠤᠨ ᠴᠢᠨᠡᠭᠡᠨ ᠬᠠᠷ᠎ᠡ ᠴᠡᠴᠡᠷ ᠲᠤ ᠮᠢᠨᠢ ᠠᠮᠢ ᠲᠡᠵᠢᠭᠡᠭᠦ ᠭᠥᠮᠥᠨ ᠥᠭᠡᠢ᠃ ᠤᠳᠤ ᠪᠢ ᠲᠠᠨ ᠢ | ᠡᠭᠦᠨ ᠳᠤ ᠥᠯᠥᠭᠡᠶᠢᠳᠡᠶᠡ︾ ᠭᠡᠵᠤ ᠭᠢᠴᠢᠭᠡᠨᠡ ᠤᠬᠤᠬᠤ ᠶᠢᠰᠤᠨ ᠠᠯᠳᠠ ᠲᠡᠮᠥᠷ ᠭᠠᠳᠠᠰᠤ ᠪᠠᠷ ᠲᠥᠷᠪᠡᠨ ᠡᠷᠪᠡᠢ | ︵ᠠᠯᠳᠠ︶ ᠭᠤᠤ ᠲᠤᠰ ᠲᠤᠰ ᠲᠤ ᠨᠢ ᠤᠬᠤᠵᠤ ᠲᠠᠯᠪᠢᠪᠠ᠃ ᠴᠢᠩᠭᠢᠳᠡᠯᠡ ᠤᠸ᠎ᠡ ᠳ᠋ᠦᠡᠭᠵᠤᠩ ᠭᠠᠷᠪᠤ ︽ᠡᠵᠢ︕ | ᠨᠠᠳᠠ ᠵᠠᠢ ᠲᠠᠯᠪᠢ︾ ᠭᠡᠳ ᠤᠷᠤᠢ ᠠᠴᠠ ᠭᠠᠷᠴᠤ ᠤᠨᠠᠪᠠ᠃ ᠥᠡᠭᠭᠡ ᠴᠢᠮᠡᠭ ᠨᠢ ᠠᠳᠠᠪᠠᠰᠢ ᠰᠠᠶᠢᠬᠠᠨ ᠭᠤᠸ᠎ᠡ | ᠠᠵᠢ᠃ ᠮᠥᠯᠭᠦᠵᠤ ᠲᠠᠳᠠᠵᠤ ᠡᠭᠡ ᠳᠤ ᠪᠠᠨ ᠥᠯᠥ ᠭᠥᠢᠴᠡᠭᠳᠡᠵᠤ ᠡᠭᠡ ᠨᠢ ᠭᠥᠭᠡᠭᠡᠵᠤ ᠭᠥᠢᠴᠡᠨ ᠶᠠᠳᠠᠵᠤ | ᠶᠠᠪᠤᠳᠠᠯ᠎ᠠ ᠲᠡᠭᠡᠷ᠎ᠡ ᠲᠡᠭᠷᠢ ᠨᠠᠷ ᠠᠴᠠ ᠮᠤᠯᠤᠷ ᠡᠷᠳᠡᠨᠢ ᠵᠠᠭᠠᠨ ᠳᠤ ᠡᠮᠡᠭᠡᠯ ᠬᠠᠵᠠᠭᠠᠷ ᠲᠤᠬᠤᠵᠤ᠂ ᠴᠠᠩ ᠭᠡᠨᠭᠭᠡᠷᠭᠡ | ᠲᠡᠯᠡᠳᠴᠤ᠂ ᠰᠠᠩ ᠭᠥᠵᠢ ᠰᠢᠳᠠᠭᠠᠵᠤ᠂ ᠮᠤᠯᠤᠷ ᠡᠷᠳᠡᠨᠢ ᠵᠠᠭᠠᠨ ᠳᠤ ᠴᠠᠩ ᠭᠡᠨᠭᠭᠡᠷᠭᠡ ᠲᠠᠯᠡᠳᠴᠤ ᠪᠠᠶᠢᠵᠤ | ᠤᠨᠤᠭᠤᠯᠤᠭᠠᠳ ᠠᠪᠤᠨ ᠤᠳᠪᠠ ᠲᠡᠭᠷᠢ ᠳᠤ᠃ ᠡᠭᠡ ᠨᠢ᠄ ︽ᠡᠪᠡᠢ ᠮᠢᠨᠢ᠂ ᠥᠨᠡᠨ ᠪᠤᠷᠬᠠᠨ ᠪᠠᠶᠢᠭᠰᠠᠨ ᠪᠠᠶᠢᠨ᠎ᠡ︾ | ᠭᠡᠵᠤ ᠤᠭᠢᠯᠠᠪᠠ᠃ | ᠤᠭᠢᠯᠠᠳᠠᠯᠡ᠄ ︽ᠥᠭᠦᠢ ︵ᠡᠭᠡᠴᠢ︶ ᠮᠢᠨᠢ᠂ ᠨᠠᠳᠠ ᠵᠠᠢ ᠲᠠᠯᠪᠢ︾ ᠭᠡᠪᠡ᠃ ᠡᠭᠡ ᠨᠢ ᠪᠠᠷᠠᠭᠤᠨ ᠭᠠᠷ ᠢᠶᠠᠨ | ᠡᠷᠭᠦᠵᠤ ᠤᠷᠤᠢ ᠪᠠᠨ ᠲᠠᠷᠤᠪᠠ᠃ ᠲᠠᠷᠤᠳᠠᠯᠡ ᠪᠠᠷᠠᠭᠤᠨ ᠰᠤᠭᠤᠨ ᠠᠴᠠ ᠨᠢ ᠤᠨᠠᠪᠠ᠃ ᠪᠠᠰᠠ ᠮᠥᠯᠭᠦᠵᠤ ᠲᠠᠳᠠᠵᠤ | ᠡᠰᠡ ᠭᠥᠢᠴᠡᠭᠳᠡᠪᠡ᠃ ᠲᠤᠤᠷᠠᠭᠢ ᠶᠡᠭᠡ ᠲᠠᠯᠠᠢ ᠠᠴᠠ ᠯᠤᠤᠰ ᠤᠨ ᠬᠠᠭᠠᠨ ᠤ ᠤᠷᠢᠳ ᠶᠤᠰᠤᠭᠠᠷ ᠮᠤᠯᠤᠷ ᠡᠷᠳᠡᠨᠢ | ᠵᠠᠭᠠᠨ ᠠᠷᠰᠯᠠᠨ ᠳᠤ ᠮᠥᠨ ᠡᠮᠡᠭᠡᠯ ᠬᠠᠵᠠᠭᠠᠷ ᠲᠤᠬᠤᠵᠤ᠂ ᠴᠠᠩ ᠭᠡᠨᠭᠭᠡᠷᠭᠡ᠂ ᠭᠥᠵᠢ ᠰᠢᠳᠠᠭᠠᠵᠤ ᠯᠤᠤᠰ ᠤᠨ | ᠬᠠᠭᠠᠨ ᠳᠤ ᠠᠪᠤᠭᠠᠳ ᠤᠳᠪᠠ᠃ ᠶᠡᠭᠡ ᠲᠠᠯᠠᠢ ᠳᠤ ᠠᠪᠴᠤ ᠤᠷᠤᠪᠠ᠃ | ᠪᠠᠰᠠ ᠨᠢᠭᠡ ᠨᠢ᠄ ︽ᠥᠭᠦᠢ ᠮᠢᠨᠢ᠂ ᠨᠠᠳᠠ ᠵᠠᠢ ᠲᠠᠯᠪᠢ︾ ᠭᠡᠪᠡ᠃ ᠡᠭᠡ ᠨᠢ ᠬᠤᠶᠠᠷ ᠰᠤᠭᠤ ᠪᠠᠨ ᠬᠠᠪᠴᠢᠵᠤ | ᠬᠤᠶᠠᠷ ᠭᠠᠷ ᠢᠶᠠᠷ ᠢᠶᠠᠨ ᠤᠷᠤᠢ ᠪᠠᠨ ᠲᠠᠷᠤᠵᠤ ᠪᠠᠶᠢᠳᠠᠯ᠎ᠡ ᠭᠥᠢᠰᠤ ᠠᠴᠠ ᠨᠢ ᠤᠨᠠᠪᠠ᠃ ᠤᠷᠢᠳ ᠬᠤᠶᠠᠷ ᠠᠴᠠ | ᠥᠡᠭᠭᠡ ᠴᠢᠮᠡᠭ ᠨᠢ ᠥᠯᠡᠮᠵᠢ ᠰᠠᠶᠢᠬᠠᠨ ᠭᠤᠸ᠎ᠡ ᠪᠠᠶᠢᠪᠠ᠃ ᠪᠠᠰᠠ ᠡᠭᠡ ᠳᠤ ᠪᠠᠨ ᠥᠯᠥ ᠭᠥᠢᠴᠡᠭᠳᠡᠵᠤ ᠶᠠᠪᠤᠨᠠᠮ᠃ | ᠡᠭᠡ ᠨᠢ ᠭᠥᠭᠡᠭᠡᠵᠤ ᠶᠠᠪᠤᠳᠠᠯᠡ ᠠᠷᠪᠠᠨ ᠵᠥᠭ ᠤᠨ ᠲᠠᠭᠢᠨᠢᠰ ᠭᠥᠭᠡ ᠭᠡᠷᠢᠰ ᠵᠠᠭᠠᠨ ᠳᠤ ᠡᠮᠡᠭᠡᠯ ᠬᠠᠵᠠᠭᠠᠷ ᠲᠤᠬᠤᠵᠤ᠂ | ᠰᠠᠩ ᠭᠥᠵᠢ ᠲᠠᠯᠪᠢᠵᠤ᠂ ᠴᠠᠩ ᠭᠡᠨᠭᠭᠡᠷᠭᠡ ᠲᠡᠯᠡᠳᠴᠤ ᠢᠷᠡᠵᠤ᠂ ᠠᠷᠪᠠᠨ ᠵᠥᠭ ᠤᠨ ᠲᠠᠭᠢᠨᠢᠰ ᠠᠪᠴᠤ ᠭᠠᠷᠪᠠ᠃ | ︽ᠡᠪᠡᠢ ᠡᠪᠡᠢ᠂ ᠡᠪᠡᠢ ᠡᠪᠡᠢ ᠭᠡᠵᠤ ᠭᠤᠷᠪᠠᠨ ᠠᠪᠠᠢ ᠮᠢᠨᠢ ᠶᠠᠭᠠᠭᠢᠯᠡ︾ ᠭᠡᠵᠤ ᠤᠭᠢᠯᠠᠯᠡ᠃ ᠡᠭᠡ ᠨᠢ᠄ ︽ᠪᠤᠯᠳᠤ | ᠪᠤᠷᠬᠠᠨ ᠤ ᠬᠤᠪᠢᠯᠭᠠᠨ ᠭᠡᠭᠴᠢ ᠨᠢ ᠥᠨᠡᠨ ᠪᠠᠶᠢᠭᠰᠠᠨ ᠠᠵᠢ᠃ ᠪᠢ ᠶᠠᠭᠤ ᠭᠡᠵᠤ ᠲᠥᠷᠪᠡᠨ ᠡᠷᠪᠡᠢ ᠭᠤᠤ ᠤᠬᠤᠵᠤ | ᠲᠠᠯᠪᠢᠯᠡ︖ ᠶᠠᠳᠠᠵᠤ ᠨᠢᠭᠡ ᠶᠢ ᠨᠢ ᠴᠤ ᠲᠡᠨᠢᠵᠤ ᠵᠤᠯᠭᠠᠵᠤ ᠲᠠᠪᠡᠷᠢᠵᠤ ᠤᠵᠤᠵᠤ ᠬᠠᠭᠠᠴᠠᠬᠤ ᠨᠢ ᠡᠪᠡᠢ ᠮᠢᠨᠢ | ᠡᠪᠡᠢ ᠶᠠᠭᠠᠭᠢᠯᠡ︾ ᠭᠡᠵᠤ ᠤᠭᠢᠯᠠᠪᠠ᠃ | ᠤᠭᠢᠯᠠᠳᠠᠯᠡ ᠪᠠᠰᠠ ᠨᠢᠭᠡ ᠨᠢ ᠭᠡᠰᠡᠷ ᠰᠠᠷᠪᠤ ᠳ᠋ᠤᠨᠳᠤᠪ᠄ ︽ᠡᠵᠢ ᠮᠢᠨᠢ ᠪᠢ ᠠᠯᠢ ᠮᠥᠷ ᠢᠶᠠᠷ ᠭᠠᠷᠬᠤ ᠪᠤᠢ︖ | ︾ ᠡᠭᠡ ᠨᠢ᠄ ︽ᠠᠪᠠᠢ ᠮᠢᠨᠢ ᠶᠤᠰᠤ ᠲᠠᠢ ᠮᠥᠷ ᠢᠶᠠᠷ ᠲᠥᠷᠥ︾ ᠭᠡᠵᠤ ᠲᠠᠭᠤᠳᠠᠪᠠ᠃ ᠶᠤᠰᠤ ᠲᠠᠢ ᠮᠥᠷ ᠢᠶᠠᠷ | ᠲᠥᠷᠥᠪᠡ᠃ ᠪᠠᠷᠠᠭᠤᠨ ᠨᠢᠳᠤ ᠪᠠᠨ ᠭᠢᠯᠦ᠋ᠢᠵᠤ᠂ ᠵᠡᠭᠦᠨ ᠨᠢᠳᠤ ᠪᠠᠨ ᠬᠠᠷᠠᠵᠤ᠂ ᠪᠠᠷᠠᠭᠤᠨ ᠭᠠᠷ ᠢᠶᠠᠨ ᠲᠠᠯᠠᠶᠢᠵᠤ᠂ | ᠵᠡᠭᠦᠨ ᠭᠠᠷ ᠢᠶᠠᠨ ᠠᠳᠬᠤᠵᠤ᠂ ᠪᠠᠷᠠᠭᠤᠨ ᠭᠥᠯ ᠢᠶᠠᠨ ᠲᠡᠭᠡᠭᠰᠢ ᠡᠷᠭᠦᠵᠤ᠂ ᠵᠡᠭᠦᠨ ᠭᠥᠯ ᠢᠶᠠᠨ ᠵᠢᠭᠢᠵᠤ᠂ ᠲᠥᠴᠢᠨ | ᠲᠥᠷᠪᠡᠨ ᠲᠤᠩ ᠴᠠᠭᠠᠨ ᠰᠢᠳᠤ ᠪᠠᠨ ᠵᠠᠭᠤᠭᠰᠠᠭᠠᠷ ᠲᠥᠷᠥᠪᠡ᠃ ᠡᠭᠡ ᠨᠢ᠄ ︽ᠡᠪᠡᠢ ᠡᠪᠡᠢ᠂ ᠶᠠᠭᠠᠭᠢᠶᠡ ᠪᠢ︖ | ᠤᠷᠢᠳ ᠥᠵᠡᠭᠳᠡᠭᠴᠢ ᠭᠤᠷᠪᠠᠭᠤᠯᠠ ᠮᠢᠨᠢ ᠪᠤᠯᠳᠤ ᠪᠤᠷᠬᠠᠳ ᠤᠨ ᠬᠤᠪᠢᠯᠭᠠᠨ ᠲᠥᠷᠥᠵᠤ ᠨᠠᠳᠠ ᠡᠰᠡ ᠪᠠᠷᠢᠭᠳᠠᠪᠠ᠃ | ᠵᠠ ᠡᠨᠡ ᠨᠢᠭᠦᠯᠳᠤ ᠭᠥᠪᠡᠭᠦᠨ ᠴᠢᠳᠭᠦᠷ ᠤᠨ ᠬᠤᠪᠢᠯᠭᠠᠨ ᠲᠥᠷᠥᠵᠤ ᠨᠠᠳᠠ ᠪᠠᠷᠢᠭᠳᠠᠪᠠ᠃ ᠠᠪᠠᠢ ᠮᠢᠨᠢ᠂ ᠴᠢᠨᠥ | ᠭᠥᠢ ᠶᠢ ᠶᠠᠭᠤ ᠪᠠᠷ ᠤᠭᠳᠤᠯᠤᠨᠠᠮ ᠪᠢ︖︾ ᠭᠡᠵᠤ ᠲᠡᠷᠡ ᠲᠤᠳᠤᠷ᠎ᠡ ᠠᠴᠠ ᠭᠢᠨᠭ᠍ᠭᠠᠷᠡ ᠶᠢ ᠠᠪᠴᠤ ᠭᠥᠢ ᠶᠢ ᠨᠢ | ᠭᠢᠷᠥᠭᠡᠳᠡᠪᠡ᠃ ᠲᠡᠷᠡ ᠭᠢᠨᠭ᠍ᠭᠠᠷᠡ ᠭᠥᠢ ᠶᠢ ᠨᠢ ᠡᠰᠡ ᠲᠠᠭᠠᠭᠠᠪᠠ᠃ ︽ᠡᠵᠢ ᠮᠢᠨᠢ᠂ ᠡᠨᠡ ᠭᠢᠨᠭ᠍ᠭᠠᠷᠡ ᠴᠢᠨᠢ ᠮᠢᠨᠥ | ᠭᠥᠢ ᠶᠢ ᠥᠯᠥ ᠲᠠᠭᠠᠭᠠᠨᠡ᠃ ᠭᠡᠷ ᠤᠨ ᠡᠮᠥᠨᠡᠭᠢ ᠶᠡᠭᠡ ᠲᠠᠯᠠᠢ ᠶᠢᠨ ᠲᠤᠳᠤᠷᠠᠭᠢ ᠢᠷᠮᠡᠭᠳᠤ ᠬᠠᠷ᠎ᠡ ᠴᠢᠯᠠᠭᠤ ᠶᠢ | ᠠᠪᠴᠤ ᠤᠭᠳᠤᠯ︾ ᠭᠡᠪᠡ᠃ ︽ᠤᠭᠳᠤᠯᠬᠤ ᠳᠤ ᠪᠠᠨ ᠢᠷᠤᠭᠡᠯ ᠢᠷᠤᠭᠡ᠃ ᠠᠪᠠᠢ ᠮᠢᠨᠢ᠂ ᠴᠢᠯᠠᠭᠤᠨ ᠠᠴᠠ ᠪᠠᠳᠤ | ᠠᠮᠢᠳᠠᠨ ᠪᠤᠯᠳᠤᠭᠠᠢ ᠭᠡᠵᠤ ᠤᠭᠳᠤᠯ᠃ ᠭᠥᠢ ᠶᠢ ᠮᠢᠨᠢ ᠴᠠᠭᠠᠨ ᠡᠪᠡᠰᠤ ᠪᠠᠷ ᠪᠤᠭᠤ᠃ ᠠᠪᠠᠢ ᠮᠢᠨᠢ᠂ ᠡᠵᠡᠯᠡᠭᠰᠡᠨ | ᠤᠯᠤᠰ ᠴᠢᠨᠢ ᠴᠠᠭᠠᠨ ᠡᠪᠡᠰᠤᠨ ᠠᠴᠠ ᠤᠯᠠᠨ ᠪᠤᠯᠳᠤᠭᠠᠢ ᠭᠡᠵᠤ ᠪᠤᠭᠤ︾ ᠭᠡᠪᠡ᠃ ᠡᠭᠡ ᠨᠢ ᠬᠤᠷᠮᠤᠢ ᠳᠤ ᠪᠠᠨ | ᠴᠤᠭᠯᠠᠨ ᠭᠡᠤᠭᠡᠳ ᠢᠶᠠᠨ ᠠᠪᠤᠨ ᠭᠥᠶᠥᠪᠡ᠃ ᠶᠡᠭᠡ ᠲᠠᠯᠠᠢ ᠶᠢᠨ ᠲᠤᠳᠤᠷᠠᠭᠢ ᠢᠷᠮᠡᠭᠳᠤ ᠬᠠᠷ᠎ᠡ ᠴᠢᠯᠠᠭᠤ ᠶᠢ ᠠᠪᠴᠤ | ᠤᠭᠳᠤᠯᠪᠠ᠃ ᠤᠭᠳᠤᠯᠬᠤ ᠳᠤ ᠪᠠᠨ ᠮᠥᠨ ᠤᠷᠢᠳ ᠤᠨ ᠥᠭᠡ ᠪᠠᠷ ᠤᠭᠳᠤᠯᠪᠠ᠂ ᠭᠥᠢ ᠶᠢ ᠨᠢ ᠴᠠᠭᠠᠨ | ᠡᠪᠡᠰᠤ ᠪᠠᠷ ᠪᠤᠭᠤᠪᠠ᠃ ᠪᠤᠭᠤᠬᠤ ᠳᠤ ᠪᠠᠨ ᠮᠥᠨ ᠤᠷᠢᠳ ᠥᠭᠡ ᠪᠠᠷ ᠢᠷᠤᠭᠡᠪᠡ᠃ ᠭᠡᠰᠡᠷ ᠢ ᠥᠵᠡᠭᠳᠡᠭᠦ ᠳᠤ | ᠪᠠᠭ᠋ᠠᠨ ᠭᠥᠢᠳᠡᠨ ᠪᠤᠷᠤᠭ᠎ᠠ ᠤᠷᠤᠭᠰᠠᠨ ᠠᠵᠢ᠃ ᠡᠭᠡ ᠨᠢ ᠭᠡᠰᠡᠷ ᠤᠨ ᠭᠥᠢ ᠶᠢ ᠤᠭᠳᠤᠯᠬᠤ ᠭᠡᠳ ᠰᠢᠭᠡᠵᠡᠢ | ᠬᠤᠷᠤᠭᠤ ᠪᠠᠨ ᠭᠥᠯᠳᠡᠭᠡᠪᠡ᠃ ︽ᠡᠨᠡ ᠨᠢᠭᠦᠯᠳᠤ᠂ ᠡᠨᠡ ᠴᠢᠪᠢᠯᠳᠤ ᠭᠡᠤᠭᠡᠳ ᠤᠨ ᠭᠥᠢ ᠶᠢ ᠤᠭᠳᠤᠯᠬᠤ ᠭᠡᠵᠤ | ᠶᠠᠪᠤᠭᠰᠠᠭᠠᠷ ᠰᠢᠭᠡᠵᠡᠢ ᠬᠤᠷᠤᠭᠤ ᠪᠠᠨ ᠭᠥᠯᠳᠡᠭᠡᠪᠡ ᠪᠢ︾ ᠭᠡᠵᠤ ᠤᠭᠢᠯᠠᠪᠠ᠃ ︽ᠡᠵᠢ ᠮᠢᠨᠢ ᠪᠤᠤ ᠬᠠᠷᠢᠶ᠎ᠠ᠂ ᠪᠤᠤ | ᠤᠭᠢᠯᠠ᠃ ᠡᠨᠡ ᠬᠤᠷᠤᠭᠤ ᠪᠠᠨ ᠶᠡᠭᠡ ᠲᠠᠯᠠᠢ ᠳᠤ ᠲᠥᠷᠥ᠂ ᠶᠠᠮᠠᠷ ᠪᠤᠯᠬᠤ ᠨᠢ ᠪᠤᠢ︖︾ ᠭᠡᠪᠡ᠃ ᠡᠭᠡ ᠨᠢ | ᠭᠡᠤᠭᠡᠳ ᠤᠨ ᠥᠭᠡ ᠪᠠᠷ ᠶᠡᠭᠡ ᠲᠡᠯᠡᠢ ᠳᠤ ᠬᠤᠷᠤᠭᠤ ᠪᠠᠨ ᠲᠥᠷᠥᠪᠡ᠃ ᠬᠤᠷᠤᠭᠤ ᠨᠢ ᠤᠷᠢᠳᠠᠭᠢ ᠮᠡᠳᠥ ᠰᠠᠶᠢᠬᠠᠨ | ᠪᠤᠯᠪᠠ᠃ ᠡᠭᠡ ᠨᠢ ᠭᠡᠤᠭᠡᠳ ᠢᠶᠠᠨ ᠠᠪᠴᠤ ᠤᠴᠢᠪᠠ᠃ ︽ᠠᠪᠠᠢ ᠴᠢᠮ᠎ᠠ ᠶᠢ ᠶᠠᠭᠤᠨ ᠳᠤ ᠥᠯᠥᠭᠡᠶᠢᠳᠡᠨᠡᠮ︖︾ | ︽ᠡᠨᠡ ᠭᠤᠤ ᠳᠤ ᠥᠯᠥᠭᠡᠶᠢᠳᠡᠶᠡ︾ ᠭᠡᠵᠤ ᠡᠷᠭᠦᠪᠡ᠃ ᠭᠡᠤᠭᠡᠳ ᠡᠭᠡ ᠠᠴᠠ ᠠᠯᠳᠠᠭᠤᠯᠤᠨ ᠤᠨᠠᠪᠠ᠃ ᠪᠠᠰᠠ | ᠡᠭᠡ ᠨᠢ ᠡᠷᠭᠦᠪᠡ᠃ ᠭᠡᠤᠭᠡᠳ ᠡᠭᠡ ᠠᠴᠠ ᠪᠠᠨ ᠠᠯᠳᠠᠭᠤᠯᠤᠨ ᠤᠨᠠᠭᠠᠳ ᠨᠤᠴᠤᠯᠳᠤᠵᠤ ᠪᠠᠶᠢᠵᠤ ᠥᠭᠡ ᠭᠡᠯᠡᠪᠡ᠄ ︽ | ᠡᠵᠢ ᠮᠢᠨᠢ᠂ ᠪᠠᠷᠠᠭᠤᠨ ᠨᠢᠳᠤ ᠪᠠᠨ ᠭᠢᠯᠦ᠋ᠢᠭ᠌ᠰᠠᠨ ᠮᠢᠨᠢ ᠡᠯᠢᠶ᠎ᠡ ᠱᠤᠯᠤᠮᠤᠰ ᠢ ᠲᠠᠰᠤ ᠭᠢᠯᠦ᠋ᠢᠬᠰᠠᠨ ᠮᠢᠨᠢ ᠪᠢᠯᠡ᠃ | ᠵᠡᠭᠦᠨ ᠨᠢᠳᠤ ᠪᠠᠨ ᠬᠠᠷᠠᠭᠰᠠᠨ ᠮᠢᠨᠢ ᠡᠨᠡ ᠵᠠᠶᠠᠭ᠎ᠠ᠂ ᠲᠡᠷᠡ ᠵᠠᠶᠠᠭ᠎ᠠ ᠬᠤᠶᠠᠷ ᠢ ᠲᠡᠭᠰᠢ ᠬᠠᠷᠠᠭᠰᠠᠨ ᠮᠢᠨᠢ ᠪᠢᠯᠡ᠃ | ᠪᠠᠷᠠᠭᠤᠨ ᠭᠠᠷ ᠢᠶᠠᠨ ᠲᠠᠯᠠᠶᠢᠭᠰᠠᠨ ᠮᠢᠨᠢ ᠡᠰᠡᠷᠭᠦᠴᠡᠭᠴᠢ ᠪᠥᠭᠦᠳᠡ ᠶᠢ ᠲᠠᠰᠤ ᠲᠠᠯᠠᠶᠢᠬᠰᠠᠨ ᠮᠢᠨᠢ ᠪᠢᠯᠡ᠃ ᠵᠡᠭᠦᠨ | ᠭᠠᠷ ᠢᠶᠠᠨ ᠠᠳᠬᠤᠭᠰᠠᠨ ᠮᠢᠨᠢ ᠬᠠᠮᠤᠭ ᠪᠥᠭᠦᠳᠡ ᠶᠢ ᠡᠵᠡᠯᠡᠨ ᠪᠠᠷᠢᠬᠤ ᠮᠢᠨᠢ ᠪᠢᠯᠡ᠃ ᠪᠠᠷᠠᠭᠤᠨ ᠭᠥᠯ ᠢᠶᠠᠨ | ᠲᠡᠭᠡᠭᠰᠢ ᠡᠷᠭᠦᠭᠰᠡᠨ ᠮᠢᠨᠢ ᠱᠠᠰᠢᠨ ᠢ ᠮᠠᠨᠳᠤᠭᠤᠯᠬᠤ ᠮᠢᠨᠢ ᠪᠢᠯᠡ᠃ ᠵᠡᠭᠦᠨ ᠭᠥᠯ ᠢᠶᠠᠨ ᠵᠢᠭᠢᠭᠰᠡᠨ ᠮᠢᠨᠢ ᠲᠡᠷᠡ ᠲᠡᠷᠰ | ᠪᠤᠷᠤᠭᠤ ᠨᠤᠮᠳᠠᠨ ᠢ ᠲᠤᠷᠦ᠋ᠢᠳᠠᠭᠤᠯᠤᠨ ᠭᠢᠰᠭᠢᠭᠰᠡᠨ ᠮᠢᠨᠢ ᠪᠢᠯᠡ᠃ ᠲᠥᠴᠢᠨ ᠲᠠᠪᠤᠨ ᠲᠤᠩ ᠴᠠᠭᠠᠨ ᠰᠢᠳᠤ ᠪᠠᠨ | ᠵᠠᠭᠤᠭᠰᠠᠭᠠᠷ ᠲᠥᠷᠥᠭᠰᠡᠨ ᠮᠢᠨᠢ ᠲᠤᠭᠰᠢᠨ ᠱᠤᠯᠤᠮᠤᠰ ᠤᠨ ᠰᠥᠷ ᠢ ᠲᠠᠰᠤ ᠵᠠᠯᠭᠢᠭᠰᠠᠨ ᠮᠢᠨᠢ ᠪᠤᠶᠤ︾ ᠭᠡᠵᠤ ᠥᠭᠡ | ᠭᠡᠯᠡᠪᠡ᠃ ᠡᠭᠡ ᠨᠢ᠄ ︽ᠡᠪᠡᠢ ᠡᠪᠡᠢ᠂ ᠡᠪᠡᠢ ᠡᠪᠡᠢ᠃ ᠭᠡᠤᠭᠡᠳ ᠲᠥᠷᠥᠪᠡᠯ ᠨᠡᠷᠡᠭᠦᠢ ᠬᠤᠶᠠᠷ ᠬᠤᠷᠤᠭᠤ ᠪᠠᠷ | ᠬᠠᠮᠠᠷ ᠢᠶᠠᠨ ᠪᠥᠭᠯᠡᠵᠤ ᠲᠥᠷᠥᠮ ᠪᠢᠯᠡ᠃ ᠨᠢᠳᠤ ᠪᠠᠨ ᠠᠨᠢᠭᠰᠠᠭᠠᠷ᠂ ᠰᠢᠳᠤ ᠪᠠᠨ ᠵᠠᠭᠤᠭᠰᠠᠭᠠᠷ ᠲᠥᠷᠥᠮ ᠪᠢᠯᠡ᠃ | ᠡᠨᠡ ᠶᠠᠭᠠᠭᠢᠭᠰᠠᠨ ᠬᠤᠤᠷᠳᠠᠢ ᠭᠡᠯᠡ ᠲᠠᠢ ᠠᠮᠠ ᠲᠠᠢ ᠭᠡᠤᠭᠡᠳ ᠲᠥᠷᠥᠵᠤ ᠭᠡᠷᠡᠯᠳᠥᠭᠰᠡᠭᠡᠷ᠂ ᠪᠠᠷᠢᠯᠳᠤᠭᠰᠠᠭᠠᠷ | ᠲᠥᠷᠥᠯ᠎ᠡ︾ ᠭᠡᠵᠤ ᠭᠡᠷᠡᠯᠳᠥᠵᠤ ᠪᠠᠶᠢᠪᠠ᠃ | ᠭᠡᠷᠡᠯᠳᠤᠵᠤ ᠪᠠᠶᠢᠳᠠᠯ᠎ᠡ ᠰᠠᠩᠯᠤᠨ ᠢᠷᠡᠪᠡ᠃ ᠨᠢᠭᠡᠨ ᠥᠶ᠎ᠡ ᠡᠮ᠎ᠡ ᠭᠥᠮᠥᠨ ᠤ ᠲᠠᠭᠤ ᠭᠠᠷᠤᠨ᠎ᠡ᠂ ᠨᠢᠭᠡᠨ | ᠥᠶ᠎ᠡ ᠪᠠᠷᠰ ᠤᠨ ᠲᠠᠭᠤ ᠮᠡᠳᠥ ᠭᠠᠷᠤᠨ᠎ᠡ᠃ ᠰᠠᠩᠯᠤᠨ ᠡᠪᠥᠭᠡᠨ ᠮᠠᠯ ᠢᠶᠠᠨ ᠲᠠᠭᠤᠵᠤ᠂ ᠠᠷᠪᠠᠨ ᠤᠭᠤᠳᠤᠨᠡ | ᠡᠭᠦᠷᠴᠤ᠂ ᠨᠢᠭᠡ ᠭᠠᠷ ᠲᠤ ᠪᠠᠨ ᠶᠢᠰᠤᠨ ᠰᠠᠯᠠᠭᠠᠳᠤ ᠲᠠᠮᠥᠷ ᠤᠷᠠᠬ᠎ᠠ ᠶᠢ ᠭᠥᠰᠡᠷ ᠠᠴᠠ ᠤᠯᠵᠤ ᠴᠢᠷᠴᠤ ᠢᠷᠡᠪᠡ᠃ | ︽ᠡᠨᠡ ᠶᠠᠭᠤ ᠪᠤᠢ︖︾ ᠭᠡᠪᠡ᠃ ᠠᠮᠤᠷᠵᠢᠯ ᠭᠡᠯᠡᠪᠡ᠄ ︽ᠠᠳᠠ ᠮᠠᠭᠤ ᠬᠤᠪᠠᠭ᠋ᠠᠢ᠂ ᠭᠡᠰᠢᠭ ᠥᠭᠡᠢ ᠭᠥᠯᠳᠥᠭᠡᠷ︕ | ᠴᠢᠮ᠎ᠠ ᠶᠢ ᠪᠢ ᠡᠨᠡ ᠡᠳᠥᠷ ᠮᠢᠨᠥ ᠲᠡᠷᠭᠡᠳᠡ ᠰᠠᠭᠤ ᠭᠡᠵᠤ ᠡᠰᠡ ᠭᠡᠯᠡᠯ᠎ᠡ ᠤᠤ ᠪᠢ︖ ᠡᠭᠦᠨ ᠤ ᠤᠷᠢᠳ ᠭᠤᠷᠪᠠᠨ | ᠭᠡᠤᠭᠡᠳ ᠬᠠᠮᠢᠭᠠᠭᠤᠷ ᠮᠢᠨᠢ ᠭᠠᠷᠴᠠᠭᠠᠪᠠ᠃ ᠪᠤᠯᠳᠤ ᠪᠤᠷᠬᠠᠳ ᠤᠨ ᠬᠤᠪᠢᠯᠭᠠᠨ ᠲᠥᠷᠥᠵᠤ ᠲᠡᠭᠷᠢ ᠳᠤ ᠭᠠᠷᠬᠤ ᠨᠢ | ᠲᠡᠭᠷᠢ ᠳᠤ ᠭᠠᠷᠪᠠ᠃ ᠯᠤᠤᠰ ᠤᠨ ᠬᠠᠭᠠᠳ ᠲᠤ ᠤᠷᠤᠬᠤ ᠨᠢ ᠤᠷᠤᠪᠠ᠃ ᠲᠡᠭᠢᠨᠢᠰ ᠲᠤ ᠭᠠᠷᠬᠤ ᠨᠢ ᠲᠠᠭᠢᠨᠢᠰ ᠲᠤ | ᠭᠠᠷᠪᠠ᠃ ᠲᠡᠭᠡᠷ᠎ᠡ ᠲᠡᠭᠷᠢ ᠭᠡᠵᠤ᠂ ᠲᠤᠤᠷ᠎ᠡ ᠯᠤᠤᠰ ᠤᠨ ᠬᠠᠭᠠᠳ ᠭᠡᠵᠤ᠂ ᠠᠷᠪᠠᠨ ᠵᠥᠭ ᠤᠨ ᠲᠠᠭᠢᠨᠢᠰ ᠭᠡᠵᠤ ᠭᠡᠨ | ᠮᠡᠳᠡᠯ᠎ᠡ︖ ᠲᠡᠳᠡ ᠪᠥᠭᠦᠳᠡ ᠶᠢᠨ ᠲᠤᠭ᠎ᠠ ᠶᠢ ᠴᠤ ᠮᠡᠳᠡᠭᠰᠡᠨ ᠥᠭᠡᠢ ᠠᠯᠳᠠᠪᠠ᠃ ᠯᠠᠪ ᠤᠳᠤ ᠮᠠᠭᠤ ᠭᠥᠯᠳᠥᠭᠡᠷ ᠢ | ᠂ ᠴᠢᠳᠭᠦᠷ ᠤᠨ ᠬᠤᠪᠢᠯᠭᠠᠨ ᠭᠡᠤᠭᠡᠳ ᠲᠥᠷᠥᠭᠡᠳ ᠨᠠᠮ᠎ᠠ ᠶᠢ ᠪᠠᠷᠢᠵᠤ ᠢᠳᠡᠶ᠎ᠡ ᠭᠡᠵᠤ ᠢᠡᠭᠭᠢᠵᠤ ᠪᠠᠶᠢᠨ᠎ᠡ︾ ᠭᠡᠪᠡ᠃ | | ᠡᠪᠥᠭᠡᠨ ᠭᠡᠯᠡᠪᠡ᠄ ︽ᠡᠪᠡᠢ᠂ ᠴᠢᠳᠭᠦᠷ ᠤᠨ ᠬᠤᠪᠢᠯᠭᠠᠨ ᠢ ᠶᠠᠭᠠᠭᠢᠵᠤ ᠮᠡᠳᠡᠪᠡ︖ ᠲᠠᠮᠠᠢ ᠲᠠᠭᠠᠭᠠᠵᠤ | ᠮᠡᠳᠡᠭᠦ ᠪᠢᠳᠡ ᠪᠤᠷᠬᠠᠳ ᠪᠤᠶᠤ︖ ᠥᠪᠡᠷ ᠤᠨ ᠥᠷᠡᠰ ᠢ ᠶᠠᠭᠠᠭᠢᠵᠤ ᠠᠯᠠᠨᠠᠮ︖ ᠲᠡᠵᠢᠭᠡᠵᠤ ᠥᠵᠡᠶ᠎ᠡ᠃ ᠡᠨᠡ | ᠡᠳᠥᠷ ᠪᠢ ᠨᠠᠶᠠᠨ ᠤᠭᠤᠳᠤᠨᠡ ᠠᠯᠠᠪᠠ᠃ ᠡᠨᠡ ᠮᠠᠭᠤ ᠬᠤᠶᠠᠷ ᠭᠤᠷᠪᠠᠨ ᠮᠠᠯ ᠮᠢᠨᠢ ᠪᠤᠯᠳᠤ ᠪᠤᠭᠤᠰᠳᠠᠪᠠ ︵ | ᠭᠡᠭᠡᠯ ᠲᠠᠢ ᠪᠤᠯᠪᠠ︶᠃ ᠭᠡᠪᠡᠯᠢ ᠨᠢ ᠭᠠᠵᠠᠷ ᠠᠴᠠ ᠤᠯᠠᠮ ᠥᠷᠭᠦᠯᠵᠢᠯᠡᠵᠤ ᠶᠠᠪᠤᠨ᠎ᠡ᠃ ᠢᠵᠠᠭᠤᠷ ᠭᠡᠷ ᠤᠨ ᠮᠠᠨᠢ | ᠲᠡᠷᠭᠡᠳᠡ ᠤᠭᠤᠳᠤᠨᠡ ᠥᠭᠡᠢ ᠪᠢᠯᠡ᠃ ᠭᠤᠳᠤᠯᠢ ᠬᠠᠷᠪᠤᠬᠤ ᠭᠠᠵᠠᠷ ᠲᠤ ᠤᠭᠤᠳᠤᠨᠡ ᠢᠷᠡᠵᠡᠢ᠃ ᠡᠨᠡ ᠡᠳᠥᠷ | ᠬᠠᠮᠤᠭ ᠭᠠᠵᠠᠷ ᠴᠠᠰᠤ ᠤᠷᠤᠭᠰᠠᠨ ᠪᠥᠭᠡᠳᠡᠯᠡ ᠮᠠᠨ ᠤ ᠡᠨᠡ ᠮᠠᠭᠤ ᠭᠡᠷ ᠤᠨ ᠭᠠᠳᠠᠨ᠎ᠡ ᠭᠤᠳᠤᠯᠢ ᠬᠠᠷᠪᠤᠬᠤ ᠭᠠᠵᠠᠷ | ᠴᠠᠰᠤ ᠤᠷᠤᠭᠰᠠᠨ ᠥᠭᠡᠢ᠃ ᠶᠢᠰᠤᠨ ᠰᠠᠯᠠᠭᠠᠳᠤ ᠲᠡᠮᠥᠷ ᠤᠷᠠᠬ᠎ᠠ ᠡᠭᠦᠨ ᠢ ᠭᠤᠳᠤᠯᠢ ᠬᠠᠷᠪᠤᠬᠤ ᠭᠠᠵᠠᠷ ᠠᠴᠠ | ᠤᠯᠪᠠ ᠪᠢ᠃ ᠡᠨᠡ ᠪᠠᠶ᠎ᠡ ᠲᠥᠷᠥᠭᠰᠡᠭᠡᠷ ᠡᠶᠢᠮᠥ ᠶᠠᠭᠤᠮ᠎ᠡ ᠡᠰᠡ ᠥᠵᠡᠯ᠎ᠡ ᠪᠢ᠃ ᠡᠨᠡ ᠲᠤᠤᠷ ᠪᠤᠶᠤ᠂ ᠤᠷᠠᠬ᠎ᠠ | ᠪᠤᠶᠤ︖ ᠡᠨᠡ ᠤᠯᠵᠤ ᠠᠪᠴᠢᠷᠠᠭᠰᠠᠨ ᠶᠠᠭᠤᠮ᠎ᠡ ᠮᠢᠨᠢ ᠡᠨᠡ︾ ᠭᠡᠪᠡ᠃ ᠡᠭᠡ ᠨᠢ᠄ ︽ᠴᠢᠮ᠎ᠠ ᠶᠢ ᠶᠠᠭᠠᠭᠢᠵᠤ | ᠠᠯᠠᠬᠤ ᠪᠤᠢ︖ ᠲᠡᠵᠢᠭᠡᠵᠤ ᠥᠵᠡᠶ᠎ᠡ︾ ᠭᠡᠪᠡ᠃ | |