ᠠᠮᠤᠷᠵᠢᠯ ᠵᠢᠷᠮᠤᠰᠤᠨ ᠪᠤᠯᠪᠠ
ᠨᠡᠶᠢᠲᠡᠯᠡᠭᠰᠡᠨ ᠴᠠᠭ᠄
2018/1/2
     ᠭᠥᠭᠡᠭᠡᠵᠤ ᠢᠯᠡᠭᠡᠭᠰᠡᠨ ᠬᠤᠶᠢᠨ᠎ᠡ ᠰᠠᠩᠯᠤᠨ ᠡᠪᠥᠭᠡᠨ ᠬᠤᠶᠠᠷ ᠭᠤᠷᠪᠠᠨ ᠮᠠᠯ ᠤᠨ ᠢᠶᠠᠨ ᠲᠡᠷᠭᠡᠳᠡ ᠤᠭᠤᠳᠤᠨ᠎ᠡ ᠤᠷᠠᠬᠠᠳᠠᠵᠤ ᠶᠠᠪᠤᠪᠠ᠃ ᠨᠢᠭᠡᠨ ᠡᠳᠥᠷ ᠠᠷᠪᠠᠭᠠᠳ ᠢ ᠠᠯᠠᠵᠤ᠂ ᠨᠢᠭᠡᠨ ᠡᠳᠥᠷ ᠲᠤᠯᠤᠭ᠎ᠠ ᠨᠠᠢᠮᠠ ᠶᠢ ᠠᠯᠠᠵᠤ ᠶᠠᠪᠤᠪᠠ᠃ ᠠᠮᠤᠷᠵᠢᠯ ᠲᠥᠯᠡᠭᠡ ᠲᠡᠭᠦᠵᠤ ᠶᠠᠪᠤᠪᠠ᠃ ᠠᠮᠤᠷᠵᠢᠯ ᠲᠥᠯᠡᠭᠡᠨ ᠳᠤ ᠤᠴᠢᠵᠤ ᠶᠠᠪᠤᠳᠠᠯ᠎ᠡ ᠡᠮᠥᠨ᠎ᠡ ᠨᠢ ᠨᠢᠭᠡᠨ ᠰᠢᠪᠠᠭᠤᠨ ᠭᠡᠨᠭᠭᠦᠳᠡᠭ ᠲᠠᠢ᠂ ᠭᠥᠮᠥᠨ ᠤᠭᠤᠴᠠ ᠲᠠᠢ ᠲᠡᠶᠢᠮᠥ ᠬᠠᠷᠴᠠᠭᠠᠢ ᠰᠠᠭᠤ ᠪᠤᠰᠴᠤ ᠶᠠᠪᠤᠪᠠ᠃ ᠠᠮᠤᠷᠵᠢᠯ ᠲᠠᠭᠤᠳᠠᠵᠤ ᠠᠰᠠᠭᠤᠪᠠ᠄ ︽ᠭᠡᠨᠭᠭᠦᠳᠡᠭ ᠴᠢᠨᠢ ᠶᠠᠭᠠᠭᠢᠭᠰᠠᠨ ᠰᠢᠪᠠᠭᠤ ᠲᠠᠢ ᠠᠳᠠᠯᠢ ᠪᠤᠢ︖ ᠤᠭᠤᠴᠠ ᠪᠥᠭᠰᠡ ᠴᠢᠨᠢ ᠶᠠᠭᠠᠭᠢᠭᠰᠠᠨ ᠭᠥᠮᠥᠨ ᠤ ᠲᠥᠷᠥᠯ ᠲᠠᠢ ᠠᠳᠠᠯᠢ ᠪᠤᠢ︖ ᠡᠨᠡ ᠶᠠᠭᠤᠨ ᠪᠡᠯᠭᠡ ᠪᠤᠢ︖︾ ᠭᠡᠵᠤ ᠠᠰᠠᠭᠤᠪᠠ᠃ ᠬᠠᠷᠴᠠᠭᠠᠢ ᠭᠡᠯᠡᠪᠡ᠄ ︽ᠰᠢᠪᠠᠭᠤᠨ ᠭᠡᠨᠭᠭᠦᠳᠡᠭ ᠲᠠᠢ ᠪᠤᠯᠤᠭᠰᠠᠨ ᠮᠢᠨᠢ ᠲᠡᠭᠡᠳᠤ ᠨᠠᠭᠠᠴᠤ ᠨᠠᠷ ᠤᠨ ᠰᠢᠨᠵᠢ ᠪᠢᠵᠡ᠃ ᠪᠢ ᠮᠡᠳᠡᠭᠦ ᠥᠭᠡᠢ᠃ ᠭᠥᠮᠥᠨ ᠤᠭᠤᠴᠠ ᠪᠥᠭᠰᠡ ᠲᠠᠢ ᠪᠤᠯᠤᠭᠰᠠᠨ ᠮᠢᠨᠢ ᠡᠭᠦᠳᠥᠭᠰᠡᠨ ᠪᠠᠶ᠎ᠡ ᠪᠠᠨ ᠡᠪᠳᠡᠨ ᠢᠷᠡᠭᠰᠡᠨ ᠤ ᠰᠢᠨᠵᠢ ᠪᠢᠯᠡ᠃ ᠲᠡᠭᠡᠷ᠎ᠡ ᠲᠡᠭᠷᠢ ᠨᠠᠷ ᠠᠴᠠ ᠤᠳᠤ ᠶᠢᠷᠳᠢᠨᠴᠥ ᠳᠤ ᠬᠤᠪᠢᠯᠵᠤ ᠲᠥᠷᠥᠭᠦ ᠰᠠᠶᠢᠨ ᠡᠭᠡᠨᠡᠷ ᠡᠷᠢᠵᠤ ᠶᠠᠪᠤᠨᠠᠮ ᠪᠢ᠃ ᠲᠥᠷᠥᠪᠡᠴᠤ ᠪᠢ ᠡᠶᠢᠮᠥ ᠰᠠᠶᠢᠨ ᠡᠭᠡᠨᠡᠷ ᠲᠤ ᠲᠥᠷᠥᠨᠡᠮ᠃ ᠥᠭᠡᠢ ᠴᠤ ᠪᠤᠯᠪᠠ ᠪᠠᠶᠢᠨᠠᠮ ‍ᠶ᠎ᠡ ᠪᠢ︾ ᠭᠡᠵᠤ ᠭᠡᠯᠡᠭᠡᠳ ᠨᠢᠰᠴᠤ ᠤᠳᠪᠠ᠃     ᠠᠮᠤᠷᠵᠢᠯ ᠰᠢᠨ᠎ᠡ ᠶᠢᠨ ᠨᠠᠢᠮᠠᠨ ᠤ ᠰᠥᠨᠢ ᠲᠥᠯᠡᠭᠡ ᠲᠡᠭᠦᠵᠤ ᠬᠠᠷᠢᠵᠤ ᠢᠷᠡᠳᠡᠯ᠎ᠡ ᠵᠠᠭᠤᠷ᠎ᠡ ᠨᠢᠭᠡᠨ ᠶᠡᠭᠡ ᠭᠥᠮᠥᠨ ᠤᠴᠠᠷᠠᠯᠳᠤᠵᠤ ᠥᠭᠦᠳᠭᠢᠵᠤ ᠤᠨᠠᠪᠠ᠃ ᠠᠮᠤᠷᠵᠢᠯ ᠭᠡᠪᠳᠡᠵᠤ ᠪᠠᠶ᠎ᠡ ᠲᠡᠩᠭᠡᠷᠡᠭᠦᠯᠡᠷ ᠬᠠᠷᠢᠵᠤ ᠢᠷᠡᠪᠡ᠃ ᠭᠢᠷᠠᠮᠠᠭ ᠴᠠᠰᠤ ᠤᠷᠤᠭᠰᠠᠨ ᠳᠤ ᠠᠮᠤᠷᠵᠢᠯ ᠮᠥᠨ ᠲᠥᠯᠡᠭᠡ ᠲᠡᠭᠦᠵᠤ ᠮᠥᠷ ᠮᠥᠰᠭᠢᠵᠤ ᠥᠤᠷ ᠤᠨ ᠭᠢᠷᠠᠭᠠᠨ ᠤ ᠥᠶ᠎ᠡ ᠳᠤ ᠰᠥᠨᠢ ᠶᠢᠨ ᠤᠨᠠᠭᠰᠠᠨ ᠭᠠᠵᠠᠷ ᠲᠤ ᠤᠴᠢᠵᠤ ᠥᠵᠡᠪᠡᠯ ᠲᠡᠨᠳᠡ ᠨᠢᠭᠡᠨ ᠠᠯᠳᠠ ᠲᠡᠯᠢᠮ ᠮᠥᠷ ᠲᠠᠢ ᠭᠥᠮᠥᠨ ᠤᠳᠤᠭᠰᠠᠨ ᠤ ᠮᠥᠷ ᠢ ᠥᠵᠡᠪᠡ᠃ ︽ᠡᠨᠡ ᠶᠠᠭᠠᠭᠢᠭᠰᠠᠨ ᠶᠡᠭᠡ ᠮᠥᠷ ᠲᠠᠢ ᠭᠥᠮᠥᠨ ᠤᠴᠢᠪᠠ︖︾ ᠭᠡᠵᠤ ᠮᠥᠷ ᠢᠶᠠᠷ ᠨᠢ ᠮᠥᠰᠭᠢᠪᠡ᠃ ᠲᠡᠷᠡ ᠮᠥᠷ ᠨᠢ ᠶᠡᠭᠡ ᠬᠠᠳᠠᠨ ᠤ ᠭᠥᠨᠳᠡᠢ ᠳᠤ ᠤᠷᠤᠪᠠ᠃ ᠬᠠᠳᠠᠨ ᠤ ᠭᠥᠨᠳᠡᠢ ᠪᠠᠷ ᠠᠮᠤᠷᠵᠢᠯ ᠱᠠᠭᠠᠢᠢᠵᠤ ᠥᠵᠡᠪᠡ᠃ ᠥᠵᠡᠳᠡᠯ᠎ᠡ ᠠᠯᠳᠠᠨ ᠰᠢᠷᠡᠭᠡᠨ ᠲᠡᠭᠡᠷ᠎ᠡ ᠪᠠᠷᠰ ᠴᠤᠬᠤᠷ ᠲᠤᠭ ᠲᠠᠢ᠂ ᠪᠠᠷᠰ ᠴᠤᠬᠤᠷ ᠮᠠᠯᠠᠭᠠᠢ ᠲᠠᠢ᠂ ᠪᠠᠷᠰ ᠴᠤᠬᠤᠷ ᠲᠡᠪᠡᠯ ᠲᠠᠢ᠂ ᠪᠠᠷᠰ ᠴᠤᠬᠤᠷ ᠭᠤᠳᠤᠯ ᠲᠠᠢ ᠭᠥᠮᠥᠨ ᠠᠯᠳᠠᠨ ᠰᠢᠷᠡᠭᠡᠨ ᠤ ᠮᠥᠭ ᠲᠥᠰᠢᠯᠭᠡ ᠶᠢ ᠲᠥᠰᠢᠨ ᠰᠠᠭᠤᠵᠤ᠄ ︽ᠡᠨᠡ ᠰᠥᠨᠢ ᠠᠯᠵᠢᠶᠠᠬᠤ ᠶᠢᠨ ᠮᠠᠭᠤ ᠪᠠᠷ ᠠᠯᠵᠢᠶᠠᠪᠠ ᠪᠢ︾ ᠭᠡᠵᠤ ﹇ᠰᠠᠬᠠᠯ ᠤᠨ ᠭᠢᠷᠠᠭᠤ ᠶᠢ ᠠᠷᠴᠢᠵᠤ﹈ ᠰᠠᠭᠤᠪᠠ᠃ ᠠᠮᠤᠷᠵᠢᠯ ᠥᠵᠡᠭᠡᠳ ᠠᠶᠤᠵᠤ ᠲᠤᠳᠠᠭᠠᠨ ᠢᠷᠡᠪᠡ᠃  
 
ᠢᠷᠡᠯᠲᠡ᠄ ᠭᠡᠰᠡᠷ ᠤᠨ ᠲᠤᠭᠤᠵᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号