| | | | ᠬᠤᠷᠮᠤᠰᠳᠠ ᠲᠡᠭᠷᠢ ᠲᠡᠷᠢᠭᠦᠯᠡᠨ ᠭᠤᠴᠢᠨ ᠭᠤᠷᠪᠠᠨ ᠲᠡᠭᠷᠢ ᠨᠠᠷ ᠥᠪᠡᠷ ᠵᠠᠭᠤᠷ᠎ᠡ ᠪᠠᠨ ᠶᠡᠭᠡ ᠬᠤᠷᠢᠮ ᠭᠢᠪᠡ᠃ | ᠬᠤᠷᠮᠤᠰᠳᠠ ᠲᠡᠭᠷᠢ ᠭᠤᠷᠪᠠᠨ ᠭᠥᠥ ᠳᠤ ᠪᠠᠨ ᠡᠯᠴᠢ ᠢᠯᠡᠭᠡᠪᠡ᠃ ᠢᠯᠡᠭᠡᠭᠰᠡᠨ ᠡᠯᠴᠢ ᠨᠠᠷ ᠨᠢ ᠠᠮᠢᠨ ᠰᠠᠭᠢᠬᠴᠢ | ᠠᠬ᠎ᠠ ᠳᠤ ᠨᠢ ᠭᠡᠯᠡᠪᠡ᠄ ︽ᠠᠪᠠᠢ ᠴᠢᠮ᠎ᠠ ᠶᠢ ᠬᠤᠷᠮᠤᠰᠳᠠ ᠲᠡᠭᠷᠢ ᠡᠴᠢᠭᠡ ᠴᠢᠨᠢ ᠶᠢᠷᠳᠢᠨᠴᠥ ᠳᠤ ᠬᠠᠭᠠᠨ ᠤᠷᠤ | ᠰᠠᠭᠤᠬᠤ ᠪᠠᠷ ᠤᠴᠢ ᠭᠡᠨ᠎ᠡ︾ ᠭᠡᠪᠡ᠃ ᠠᠮᠢᠨ ᠰᠠᠭᠢᠬᠴᠢ ᠨᠢ ᠭᠡᠯᠡᠪᠡ᠄ ︽ᠪᠢ ᠬᠤᠷᠮᠤᠰᠳᠠ ᠲᠡᠭᠷᠢ ᠶᠢᠨ ᠭᠥᠪᠡᠭᠦᠨ | ᠪᠢᠯᠡ᠃ ᠤᠴᠢᠯᠡ ᠴᠤ ᠶᠢᠷᠳᠢᠨᠴᠥ ᠳᠤ ᠬᠠᠭᠠᠨ ᠤᠷᠤᠨ ᠳᠤ ᠰᠠᠭᠤᠵᠤ ᠥᠯᠥ ᠴᠢᠳᠠᠬᠤ ᠪᠤᠢ᠃ ᠭᠡᠷᠪᠡ ᠬᠤᠷᠮᠤᠰᠳᠠ | ᠲᠡᠭᠷᠢ ᠶᠢᠨ ᠭᠥᠪᠡᠭᠦᠨ ᠤᠴᠢᠭᠠᠳ ᠬᠠᠭᠠᠨ ᠤᠷᠤᠨ ᠳᠤ ᠰᠠᠭᠤᠵᠤ ᠡᠰᠡ ᠴᠢᠳᠠᠪᠠᠰᠤ ᠬᠠᠶᠢᠷᠠᠳᠤ ᠬᠠᠭᠠᠨ | ᠡᠴᠢᠭᠡ ᠶᠢᠨ ᠨᠡᠷ᠎ᠡ ᠲᠥᠷᠥ ᠶᠢ ᠠᠯᠳᠠᠮᠤᠢ᠃ ᠪᠢ ᠲᠤᠷ᠎ᠡ ᠥᠭᠡᠢ ᠳᠤ ᠪᠠᠨ ᠥᠯᠥ ᠤᠴᠢᠬᠤ ᠪᠢᠰᠢ᠃ ᠰᠠᠭᠤᠵᠤ | ᠥᠯᠥ ᠴᠢᠳᠠᠬᠤ ᠪᠠᠨ ᠠᠶᠢᠯᠠᠳᠬᠠᠨᠠᠮ ᠪᠢ︾᠃ ᠲᠡᠷᠡ ᠥᠭᠡ ᠶᠢ ᠠᠪᠤᠭᠠᠳ ᠡᠯᠴᠢ ᠥᠢᠯᠡ ᠪᠥᠳᠥᠭᠡᠭᠴᠢ | ᠲᠡᠭᠦᠥ ᠳᠤ ᠨᠢ ᠤᠴᠢᠪᠠ᠄ ︽ᠠᠪᠠᠢ ᠴᠢᠮ᠎ᠠ ᠶᠢ ᠬᠤᠷᠮᠤᠰᠳᠠ ᠲᠡᠭᠷᠢ ᠡᠴᠢᠭᠡ ᠴᠢᠨᠢ ᠶᠢᠷᠳᠢᠨᠴᠥ ᠳᠤ ᠬᠠᠭᠠᠨ | ᠤᠷᠤᠨ ᠳᠤ ᠰᠠᠭᠤᠬᠤ ᠪᠠᠷ ᠤᠴᠢ ᠭᠡᠨ᠎ᠡ︾ ᠭᠡᠪᠡ᠃ ᠥᠢᠯᠡ ᠪᠥᠳᠥᠭᠡᠭᠴᠢ ᠭᠡᠯᠡᠪᠡ᠄ ︽ᠪᠢ ᠬᠤᠷᠮᠤᠰᠳᠠ | ᠲᠡᠭᠷᠢ ᠶᠢᠨ ᠭᠥᠪᠡᠭᠦᠨ ᠪᠢᠰᠢ ᠤᠤ᠃ ᠶᠢᠷᠳᠢᠨᠴᠥ ᠳᠤ ᠶᠠᠪᠤᠭᠴᠢ ᠠᠮᠢᠳᠠᠨ ᠠᠯᠳᠠᠨ ᠲᠡᠯᠡᠭᠡᠢ ᠶᠢᠨ ᠭᠥᠮᠥᠨ ᠪᠢᠰᠢ ᠤᠤ᠃ | ᠤᠴᠢᠪᠠᠴᠤ ᠪᠢ ᠬᠠᠭᠠᠨ ᠤᠷᠤᠨ ᠳᠤ ᠰᠠᠭᠤᠵᠤ ᠥᠯᠥ ᠴᠢᠳᠠᠨ᠎ᠡ᠃ ᠨᠠᠳᠠ ᠠᠴᠠ ᠠᠬ᠎ᠠ ᠭᠡᠪᠡᠯ ᠬᠠᠭᠠᠨ ᠰᠠᠭᠤᠬᠤ | ᠤᠷᠤ ᠠᠮᠢᠨ ᠰᠠᠭᠢᠬᠴᠢ ᠳᠤ ᠪᠤᠢ ᠶᠡ᠃ ᠲᠡᠭᠦᠥ ᠭᠡᠪᠡᠯ ᠲᠡᠭᠦᠰᠴᠤᠭᠳᠤ ᠳᠤ ᠪᠤᠢ ᠶᠡ᠃ ᠨᠠᠳᠠ ᠶᠠᠭᠤᠨ ᠤ ᠬᠠᠮᠢᠶ᠎ᠡ | ᠪᠤᠢ︾ ᠭᠡᠪᠡ᠃ ᠡᠯᠴᠢ ᠲᠡᠭᠦᠰᠴᠤᠭᠳᠤ ᠳᠤ ᠤᠴᠢᠪᠠ᠃ ᠮᠥᠨ ᠤᠷᠢᠳ ᠥᠭᠡ ᠶᠢ ᠭᠡᠯᠡᠪᠡ᠃ ᠲᠡᠭᠦᠰᠴᠤᠭᠳᠤ | ᠭᠡᠯᠡᠪᠡ᠄ ︽ᠶᠡᠭᠡ ᠠᠬ᠎ᠠ ᠭᠡᠪᠡᠯ ᠠᠮᠢᠨ ᠰᠠᠭᠢᠬᠴᠢ ᠤᠴᠢᠨ᠎ᠡ ᠪᠢᠵᠡ᠃ ᠲᠤᠮᠳᠠ ᠠᠬ᠎ᠠ ᠭᠡᠪᠡᠯ ᠥᠢᠯᠡ ᠪᠥᠳᠥᠭᠡᠭᠴᠢ | ᠤᠴᠢᠨ᠎ᠡ ᠪᠢᠵᠡ᠃ ᠨᠠᠳᠠ ᠶᠠᠭᠤᠨ ᠬᠠᠮᠢᠶ᠎ᠡ ᠪᠤᠢ᠃ ᠤᠴᠢᠪᠠᠴᠤ ᠤᠴᠢᠶ᠎ᠡ ᠭᠡᠵᠤ ᠪᠢᠯᠡ᠃ ᠡᠰᠡ ᠴᠢᠳᠠᠪᠠᠯ | ᠬᠠᠶᠢᠷᠠᠳᠤ ᠬᠠᠭᠠᠨ ᠡᠴᠢᠭᠡ ᠡᠭᠡ ᠶᠢᠨ ᠨᠠᠷ᠎ᠡ ᠲᠥᠷᠥ ᠭᠡᠷᠡᠭ ᠥᠭᠡᠢ ᠪᠢᠰᠢ ᠤᠤ︾ ᠭᠡᠵᠤ ᠭᠤᠷᠪᠠᠨ ᠭᠡᠤᠭᠡᠳ | ᠡᠯᠴᠢ ᠳᠤ ᠮᠥᠨ ᠡᠨᠡ ᠥᠭᠡ ᠶᠢ ᠥᠭᠦᠯᠡᠪᠡ᠃ | ᠡᠯᠴᠢ ᠡᠨᠡ ᠥᠭᠡ ᠶᠢ ᠠᠪᠤᠭᠠᠳ ᠬᠤᠷᠮᠤᠰᠳᠠ ᠲᠡᠭᠷᠢ᠂ ᠭᠤᠴᠢᠨ ᠭᠤᠷᠪᠠᠨ ᠲᠡᠭᠷᠢ ᠨᠠᠷ ᠲᠤ ᠢᠷᠡᠪᠡ᠄ ︽ | ᠭᠤᠷᠪᠠᠨ ᠭᠡᠤᠭᠡᠳ ᠤᠨ ᠴᠢᠨᠢ ᠥᠭᠡ ᠴᠥᠮ ᠲᠡᠷᠡ ᠪᠠᠶᠢᠨ᠎ᠡ︾ ᠭᠡᠮᠡᠪᠡ᠃ ᠬᠤᠷᠮᠤᠰᠳᠠ ᠲᠡᠭᠷᠢ ᠭᠤᠷᠪᠠᠨ | ᠭᠥᠪᠡᠭᠦᠨ ᠢᠶᠠᠨ ᠢᠷ᠎ᠡ ᠭᠡᠪᠡ᠃ ᠭᠤᠷᠪᠠᠨ ᠭᠥᠪᠡᠭᠦᠨ ᠢᠷᠡᠪᠡ᠃ ᠬᠤᠷᠮᠤᠰᠳᠠ ᠲᠡᠭᠷᠢ ᠵᠠᠷᠯᠢᠭ ᠪᠤᠯᠤᠷᠤᠨ᠄ ︽ᠪᠢ | ᠲᠠ ᠨᠠᠷ ᠢ ᠶᠢᠷᠳᠢᠨᠴᠥ ᠶᠢᠨ ᠴᠠᠭ ᠰᠠᠮᠠᠭᠤᠨ ᠪᠤᠯᠪᠠ᠃ ᠲᠤᠰᠠᠯᠠᠬᠤ ᠪᠠᠷ ᠤᠴᠢ ᠭᠡᠵᠤ ᠪᠢ ᠥᠪᠡᠷ ᠢᠶᠠᠨ ᠮᠡᠳᠡᠵᠤ | ᠵᠠᠷᠯᠢᠭ ᠪᠤᠯᠤᠭᠰᠠᠨ ᠥᠭᠡᠢ ᠪᠢᠯᠡ᠃ ᠪᠤᠷᠬᠠᠨ ᠤ ᠵᠠᠷᠯᠢᠭ ᠢᠶᠠᠷ ᠪᠢ ᠲᠠ ᠨᠠᠷ ᠢ ᠤᠴᠢ ᠭᠡᠰᠡᠨ ᠪᠢᠯᠡ᠃ ᠪᠢ ᠲᠠ | ᠨᠠᠷ ᠢ ᠭᠥᠪᠡᠭᠦᠨ ᠢᠶᠠᠨ ᠪᠤᠯᠪᠠ ᠤᠤ ᠭᠡᠵᠤ ᠰᠠᠨᠠᠵᠤ ᠪᠢᠯᠡ᠃ ᠲᠠ ᠨᠠᠷ ᠮᠢᠨᠥ ᠡᠴᠢᠭᠡ ᠪᠠᠶᠢᠭᠰᠠᠨ ᠠᠵᠢ᠃ ᠪᠢ ᠲᠠ | ᠨᠠᠷ ᠤᠨ ᠭᠥᠪᠡᠭᠦᠨ ᠪᠠᠶᠢᠭᠰᠠᠨ ᠠᠵᠢ᠃ ᠲᠡ ᠭᠤᠷᠪᠠᠭᠤᠯᠠ ᠮᠢᠨᠥ ᠬᠠᠭᠠᠨ ᠤᠷᠤᠨ ᠳᠤ ᠰᠠᠭᠤ᠃ ᠮᠢᠨᠥ ᠠᠯᠢᠪᠠ | ᠶᠠᠪᠤᠳᠠᠯ ᠢ ᠪᠤᠯᠪᠠᠰᠤ ᠮᠥᠨ ᠵᠥᠪ ᠢᠶᠠᠷ ᠵᠤᠭᠢᠶᠠᠵᠤ ᠶᠠᠪᠤᠭᠳᠤᠨ᠃ ︿ᠪᠢ ᠪᠤᠷᠬᠠᠨ ᠤ ᠵᠠᠷᠯᠢᠭ ᠢᠶᠠᠷ ᠠᠯᠳᠠᠨ | ᠲᠡᠯᠡᠭᠡᠢ ᠳᠤ ᠪᠠᠭᠤᠵᠤ ᠠᠮᠢᠳᠠᠨ ᠢ ᠲᠤᠰᠠᠯᠠᠶᠡ﹀︾ ᠭᠡᠵᠤ ᠬᠤᠷᠮᠤᠰᠳᠠ ᠲᠡᠭᠷᠢ ᠡᠨᠡ ᠥᠭᠡ ᠶᠢ ᠵᠠᠷᠯᠢᠭ ᠪᠤᠯᠪᠠ᠃ | ᠬᠤᠷᠮᠤᠰᠳᠠ ᠲᠡᠭᠷᠢ ᠶᠢ ᠵᠠᠷᠯᠢᠭ ᠪᠤᠯᠤᠭᠰᠠᠨ ᠤ ᠬᠤᠶᠢᠨ᠎ᠡ ᠭᠤᠷᠪᠠᠨ ᠭᠥᠪᠡᠭᠦᠨ ᠨᠢ ᠮᠠᠯᠠᠭᠠᠢ ᠪᠠᠨ ᠠᠪᠴᠤ | ᠰᠥᠭᠦᠳᠴᠤ ᠮᠥᠷᠭᠦᠪᠠ᠃ ︽ᠡᠪᠡᠤ︕ ᠬᠠᠭᠠᠨ ᠡᠴᠢᠭᠡ ᠮᠢᠨᠢ ᠪᠢᠳᠡᠨ ᠳᠤ ᠡᠨᠡ ᠥᠭᠡ ᠶᠢ ᠶᠠᠭᠤ ᠭᠡᠵᠤ ᠵᠠᠷᠯᠢᠭ | ᠪᠤᠯᠤᠨᠠᠮ︖︾ ᠠᠮᠢᠨ ᠰᠠᠭᠢᠬᠴᠢ ᠨᠢ ᠡᠨᠡ ᠥᠭᠡ ᠶᠢ ᠭᠡᠯᠡᠭᠡᠳ ᠠᠶᠢᠯᠠᠳᠬᠠᠪᠠ᠄ ︽ᠬᠠᠭᠠᠨ ᠡᠴᠢᠭᠡ ᠶᠢᠨ ᠢᠶᠠᠨ | ᠵᠠᠷᠯᠢᠭ ᠢᠶᠠᠷ ᠶᠠᠭᠤᠨ ᠳᠤ ᠥᠯᠥ ᠤᠴᠢᠨᠠᠮ︖ ᠤᠴᠢᠪᠠᠴᠤ ᠬᠠᠭᠠᠨ ᠤ ᠤᠷᠤᠨ ᠰᠠᠭᠤᠵᠤ ᠥᠯᠥ ᠴᠢᠳᠠᠬᠤ ᠪᠤᠢ᠃ | ᠭᠡᠷᠪᠡ ᠬᠤᠷᠮᠤᠰᠳᠠ ᠲᠡᠭᠷᠢ ᠶᠢᠨ ᠭᠥᠪᠡᠭᠦᠨ ᠠᠮᠢᠨ ᠰᠠᠭᠢᠬᠴᠢ ᠬᠠᠭᠠᠨ ᠤᠷᠤᠨ ᠰᠠᠭᠤᠵᠤ ᠡᠰᠡ ᠴᠢᠳᠠᠪᠠ ᠭᠡᠵᠤ | ᠶᠢᠷᠳᠢᠨᠴᠥ ᠶᠢᠨ ᠭᠥᠮᠥᠨ ᠡᠯᠡᠭᠯᠡᠪᠡᠯ ᠲᠠᠨ ᠤ ᠨᠡᠷ᠎ᠡ ᠳᠤ ᠮᠠᠭᠤ ᠪᠤᠶ ᠶᠠ᠃ ᠲᠠᠮᠠᠢ ᠯᠠ ᠲᠡᠭᠷᠢ ᠶᠢᠨ ᠭᠥᠪᠡᠭᠦᠨ ᠪᠢᠯᠡ | ᠭᠡᠮᠡᠭᠡᠳ ᠤᠴᠢᠬᠤ ᠤᠤ ᠪᠢ︖ ᠲᠡᠭᠦᠥ ᠪᠠᠨ ᠬᠤᠪᠯᠠᠪᠠ ᠭᠡᠭᠦ ᠤᠤ︖ ᠡᠨᠡ ᠥᠢᠯᠡ ᠪᠥᠳᠥᠭᠡᠭᠴᠢ ᠠᠯᠢᠪᠠ | ᠶᠠᠭᠤᠮ᠎ᠡ ᠶᠢ ᠡᠨᠡ ᠴᠢᠳᠠᠨᠠᠮ︾ ᠭᠡᠪᠡ᠃ ︽ᠡᠰᠡᠷᠸ᠎ᠡ ᠶᠢᠨ ᠠᠶᠢᠮᠠᠭ ᠲᠤ ᠠᠷᠪᠠᠨ ᠲᠤᠯᠤᠭᠠᠨ ᠲᠡᠭᠷᠢ ᠨᠠᠷ ᠨᠠᠭᠠᠳᠤᠮ | ᠭᠢᠵᠤ ᠶᠡᠭᠡ ᠬᠤᠷᠢᠮ ᠪᠤᠯᠤᠭᠰᠠᠨ ᠳᠤ ᠬᠠᠷᠪᠤᠯᠭ᠎ᠠ᠂ ᠪᠠᠷᠢᠯᠳᠤᠭᠠᠨ ᠭᠢᠪᠡᠴᠤ ᠡᠨᠡ ᠥᠢᠯᠡ ᠪᠥᠳᠥᠭᠡᠭᠴᠢ ᠶᠢ ᠨᠢᠭᠡ | ᠴᠤ ᠭᠥᠮᠥᠨ ᠴᠢᠳᠠᠬᠤ ᠥᠭᠡᠢ᠂ ᠪᠤᠯᠳᠤ ᠶᠢ ᠡᠨᠡ ᠴᠢᠳᠠᠨ᠎ᠡ᠃ ᠥᠪᠡᠷ ᠵᠠᠭᠤᠷ᠎ᠡ ᠪᠠᠨ ᠭᠤᠴᠢᠨ ᠭᠤᠷᠪᠠᠨ ᠲᠡᠭᠷᠢ ᠨᠠᠷ | ᠮᠥᠨ ᠬᠠᠷᠪᠤᠯᠭ᠎ᠠ᠂ ᠪᠠᠷᠢᠯᠳᠤᠭᠠᠨ ᠨᠠᠭᠠᠳᠤᠮ ᠭᠢᠭᠦ ᠳᠤ ᠪᠠᠰᠠ ᠡᠭᠦᠨ ᠢ ᠲᠡᠶᠢᠯᠭᠦ ᠥᠭᠡᠢ᠃ ᠲᠤᠤᠷ᠎ᠡ ᠯᠤᠤᠰ ᠤᠨ | ᠬᠠᠭᠠᠳ ᠤᠨ ᠠᠶᠢᠮᠠᠭ ᠲᠤ ᠪᠠᠰᠠ ᠮᠥᠨ ᠮᠠᠯᠵᠢᠶᠡ ᠨᠠᠭᠠᠳᠤᠮ ᠭᠢᠪᠡᠴᠤ ᠡᠭᠦᠨ ᠢ ᠪᠠᠰᠠ ᠥᠯᠥ ᠲᠡᠶᠢᠯᠥᠨ᠎ᠡ᠃ ᠶᠡᠷᠥ | ᠠᠯᠢᠪᠠ ᠵᠥᠢᠯ ᠡᠷᠳᠡᠮ ᠢ ᠡᠨᠡ ᠥᠢᠯᠡ ᠪᠥᠳᠥᠭᠡᠭᠴᠢ ᠪᠥᠷᠢᠨ ᠰᠤᠷᠤᠭᠰᠠᠨ᠃ ᠲᠡᠮᠡᠢ ᠯᠠ ᠲᠡᠭᠷᠢ ᠶᠢᠨ ᠭᠥᠪᠡᠭᠦᠨ | ᠭᠡᠳ ᠤᠴᠢᠬᠤ ᠤᠤ ᠪᠢᠳᠡ︖ ᠤᠴᠢᠪᠠᠴᠤ ᠮᠥᠨ ᠡᠨᠡ ᠴᠢᠳᠠᠨ᠎ᠡ︾ ᠭᠡᠮᠡᠪᠡ᠃ ᠭᠤᠴᠢᠨ ᠭᠤᠷᠪᠠᠨ ᠲᠡᠭᠷᠢ ᠨᠠᠷ | ᠭᠡᠯᠡᠪᠡ᠄ ︽ᠶᠡᠷᠥ ᠠᠮᠢᠨ ᠰᠠᠭᠢᠬᠴᠢ ᠶᠢᠨ ᠡᠨᠡ ᠥᠭᠡ ᠴᠥᠮ ᠥᠨᠡᠨ᠃ ᠠᠯᠢᠪᠠ ᠵᠥᠢᠯ ᠴᠤ ᠪᠤᠯᠪᠠ᠂ ᠪᠢᠳᠡ | ᠰᠠᠶᠢᠨ ᠴᠤ ᠪᠤᠯᠪᠠ᠂ ᠶᠡᠷᠥ ᠮᠠᠯᠵᠢᠶᠡ ᠭᠢᠵᠤ ᠬᠠᠷᠪᠤᠯᠭ᠎ᠠ ᠪᠠᠷᠢᠯᠳᠤᠭᠠᠨ ᠭᠢᠪᠡᠴᠤ ᠪᠤᠯᠳᠤ ᠮᠠᠨ ᠢ ᠡᠨᠡ ᠲᠡᠶᠢᠯᠭᠦ ᠪᠢᠯᠡ | ᠃ ᠠᠮᠢᠨ ᠰᠠᠭᠢᠬᠴᠢ ᠶᠢᠨ ᠲᠡᠷᠡ ᠥᠭᠡ ᠨᠢ ᠪᠤᠯᠳᠤ ᠥᠨᠡᠨ︾ ᠭᠡᠵᠤ ᠭᠤᠴᠢᠨ ᠭᠤᠷᠪᠠᠨ ᠲᠡᠭᠷᠢ ᠨᠠᠷ ᠡᠨᠡ ᠥᠭᠡ ᠶᠢ | ᠭᠡᠯᠡᠪᠡ᠃ ᠲᠡᠭᠦᠰᠴᠤᠭᠳᠤ ᠲᠡᠭᠦᠥ ᠨᠢ ᠶᠡᠷᠥ ᠡᠳᠡᠨ ᠤ ᠥᠭᠡ ᠶᠢ ᠲᠠᠭᠠᠵᠤ ᠪᠥᠭᠦᠳᠡ ᠥᠨᠡᠨ ᠭᠡᠪᠡ᠃ |