ᠭᠡᠰᠡᠷ ᠤᠨ ᠲᠥᠷᠥᠭᠦ ᠶᠢ ᠤᠭᠳᠤᠵᠤ ᠮᠡᠳᠡᠪᠡ
ᠨᠡᠶᠢᠲᠡᠯᠡᠭᠰᠡᠨ ᠴᠠᠭ᠄
2018/1/2
   ᠲᠡᠭᠦᠨ ᠤ ᠬᠤᠶᠢᠨ᠎ᠡ ᠶᠢᠷᠳᠢᠨᠴᠥ ᠶᠢᠨ ᠴᠠᠭ ᠰᠠᠮᠠᠭᠤᠨ ᠪᠤᠯᠤᠭᠰᠠᠨ ᠳᠤ ᠬᠠᠷ᠎ᠡ ᠲᠡᠷᠢᠭᠦᠳᠤ ᠭᠥᠮᠥᠨ ᠠᠴᠠ ᠡᠭᠢᠯᠡᠨ ᠨᠢᠰᠭᠦ ᠰᠢᠪᠠᠭᠤ᠂ ᠭᠥᠶᠥᠭᠦ ᠭᠥᠷᠥᠭᠡᠰᠤ ᠪᠥᠭᠦᠳᠡᠭᠡᠷ ᠢᠶᠠᠨ ᠭᠥᠰᠡᠯᠡᠩ ᠨᠡᠷᠡᠳᠤ ᠤᠪᠤᠭᠠᠨ ᠲᠡᠭᠡᠷ᠎ᠡ ᠴᠢᠭᠤᠯᠭᠠᠨ ᠴᠢᠭᠤᠯᠪᠠ᠃ ᠭᠤᠷᠪᠠᠨ ᠵᠠᠭᠤᠨ ᠥᠭᠡᠷ᠎ᠡ ᠥᠭᠡᠷ᠎ᠡ ᠭᠡᠯᠡᠳᠡᠨ ᠠᠮᠢᠳᠠᠨ᠂ ᠠᠷᠢᠶ᠎ᠡ ᠠᠯᠠᠨᠺᠠᠷᠢ ᠥᠭᠢᠨ ᠴᠠᠭᠠᠨ ᠲᠡᠭᠷᠢ ᠭᠡᠯᠡᠮᠥᠷᠴᠢ ᠭᠢᠪᠡ᠃ ᠮᠤ ᠭᠥᠰᠢ᠂ ᠲᠠᠩᠪᠤ ᠨᠡᠷᠡᠳᠤ᠂ ᠠᠭᠤᠯᠠᠰ ᠤᠨ ᠬᠠᠭᠠᠨ ᠤᠸ᠎ᠡ ᠭᠥᠨᠵᠢᠳ ᠡᠨᠡ ᠭᠤᠷᠪᠠᠭᠤᠯᠠ ᠲᠥᠯᠭᠡ ᠤᠷᠭᠢᠪᠠ᠃     ᠠᠷᠢᠶ᠎ᠡ ᠠᠯᠠᠨᠺᠠᠷᠢ ᠥᠭᠢᠨ ᠴᠠᠭᠠᠨ ᠲᠡᠭᠷᠢ ᠭᠡᠯᠡᠪᠡ᠄ ︽ᠠᠢ᠂ ᠭᠤᠷᠪᠠᠨ ᠲᠥᠯᠭᠡᠴᠢ ᠨᠠᠷ ᠡᠨᠡ ᠶᠢᠷᠳᠢᠨᠴᠥ ᠶᠢᠨ ᠴᠠᠭ ᠰᠠᠮᠠᠭᠤᠨ ᠪᠤᠯᠤᠭᠰᠠᠨ ᠢ ᠲᠠᠷᠤᠨ ᠴᠢᠳᠠᠬᠤ ᠬᠠᠭᠠᠨ ᠲᠥᠷᠥᠭᠦ ᠤᠤ︖ ᠥᠭᠡᠢ ᠤᠤ︖ ᠲᠥᠯᠭᠡ ᠪᠠᠨ ᠤᠷᠭᠢᠵᠤ ᠥᠵᠡ︾ ᠭᠡᠪᠡ᠃ ᠮᠤ ᠭᠥᠰᠢ ᠲᠥᠯᠭᠡ ᠤᠷᠭᠢᠪᠠ᠃ ᠲᠥᠯᠭᠡ ᠤᠷᠭᠢᠭᠰᠠᠨ ᠤ ᠬᠤᠶᠢᠨ᠎ᠡ ᠭᠡᠯᠡᠪᠡ᠄ ︽ᠤᠸ᠎ᠡ ᠳ᠋ᠦᠡᠭᠵᠤᠩ ᠭᠠᠷᠪᠤ ᠨᠡᠷᠡᠳᠡᠢ᠂ ᠮᠤᠯᠤᠷ ᠡᠷᠳᠡᠨᠢ ᠪᠠᠶᠠᠳᠤ᠂ ᠲᠤᠩ ᠴᠠᠭᠠᠨ ᠰᠢᠳᠤᠳᠤ᠂ ᠭᠠᠷᠤᠳᠢ ᠰᠢᠪᠠᠭᠤ ᠲᠡᠷᠢᠭᠦᠳᠤ᠂ ᠠᠯᠳᠠᠨ ᠰᠢᠷ᠎ᠡ ᠬᠤᠨᠭ᠍ᠭᠤᠷᠴᠠᠭ ᠥᠰᠥᠳᠡᠢ᠂ ᠥᠰᠥᠨ ᠤ ᠥᠵᠥᠭᠦᠷ ᠲᠤ ᠨᠢ ᠤᠳᠠ ᠮᠤᠳᠤᠨ ᠳᠤ ᠴᠡᠴᠡᠭ ᠲᠡᠯᠭᠡᠷᠡᠭᠰᠡᠨ ᠮᠡᠳᠥ ᠲᠡᠷᠡ ᠲᠥᠷᠥᠭᠦ ᠪᠤᠢ᠃ ᠲᠡᠷᠡ ᠲᠥᠷᠥᠪᠡᠯ ᠲᠡᠭᠡᠷ᠎ᠡ ᠲᠡᠭᠷᠢ ᠨᠠᠷ ᠢ ᠡᠵᠡᠯᠡᠭᠴᠢ ᠲᠡᠷᠡ ᠪᠤᠯᠬᠤ ᠪᠤᠢ︾ ᠭᠡᠪᠡ᠃ ︽ᠵᠠ᠂ ᠨᠢᠭᠡ ᠲᠡᠭᠢᠵᠤ ᠲᠥᠯᠭᠡ ᠤᠷᠭᠢ︾ ᠭᠡᠪᠡ᠃ ᠲᠡᠩᠪᠤ ᠨᠡᠷᠡᠳᠤ ᠲᠥᠯᠭᠡᠴᠢ ᠲᠥᠯᠭᠡ ᠤᠷᠭᠢᠪᠠ᠃ ᠤᠷᠭᠢᠭᠠᠳ ᠭᠡᠯᠡᠪᠡ᠄ ︽ᠠᠷᠢᠶ᠎ᠡ ᠠᠸᠠᠯᠤᠺᠢ ᠤᠳᠬᠢᠷᠢ ᠨᠡᠷ᠎ᠡ ᠲᠠᠢ᠂ ᠲᠡᠯᠭᠡᠷᠡᠭᠰᠡᠨ ᠴᠠᠭᠠᠨ ᠭᠡᠷᠡᠯ ᠲᠠᠢ᠂ ᠤᠯᠠᠭᠠᠨ ᠬᠤᠨᠭ᠍ᠭᠤᠷ ᠴᠢᠷᠠᠢ ᠲᠠᠢ᠂ ᠲᠡᠭᠡᠳᠤ ᠪᠠᠶ᠎ᠡ ᠨᠢ ᠭᠥᠮᠥᠨ ᠤ ᠪᠠᠶ᠎ᠡ ᠮᠡᠳᠥ᠂ ᠲᠤᠤᠷᠠᠳᠤ ᠪᠠᠶ᠎ᠡ ᠨᠢ ᠯᠤᠤᠰ ᠤᠨ ᠬᠠᠭᠠᠳ ᠮᠤᠭᠠᠢ ᠶᠢᠨ ᠪᠠᠶ᠎ᠡ ᠮᠡᠳᠥ᠂ ᠲᠡᠷᠡ ᠲᠥᠷᠥᠭᠦ ᠪᠤᠢ᠃ ᠲᠡᠷᠡ ᠲᠥᠷᠥᠪᠡᠯ ᠲᠤᠤᠷ᠎ᠡ ᠯᠤᠤᠰ ᠤᠨ ᠬᠠᠭᠠᠳ ᠢ ᠡᠵᠡᠯᠡᠭᠴᠢ ᠲᠡᠷᠡ ᠪᠤᠯᠬᠤ ᠪᠤᠢ︾ ᠭᠡᠪᠡ᠃ ︽ᠵᠠ᠂ ᠠᠭᠤᠯᠠᠰ ᠤᠨ ᠬᠠᠭᠠᠨ ᠤᠸ᠎ᠡ ᠭᠥᠨᠵᠢᠳ ᠲᠥᠯᠭᠡ ᠤᠷᠭᠢ︾ ᠭᠡᠪᠡ᠃ ᠲᠥᠯᠭᠡ ᠤᠷᠭᠢᠪᠠ᠃ ︽ᠵᠠᠮᠴᠤ ᠳ᠋ᠠᠷᠢ ᠤᠸᠠᠳᠠᠮ ᠨᠡᠷᠡᠳᠤ ᠮᠠᠰᠢ ᠴᠠᠭᠠᠨ ᠥᠡᠭᠭᠡ ᠲᠠᠢ᠂ ᠥᠡᠭᠭᠡ ᠭᠡᠷᠡᠯ ᠨᠢ ᠠᠷᠪᠠᠨ ᠵᠥᠭ ᠲᠤ ᠲᠡᠯᠭᠡᠷᠡᠭᠰᠡᠨ ᠲᠡᠷᠡ ᠲᠥᠷᠥᠭᠦ ᠪᠤᠢ᠃ ᠲᠡᠷᠡ ᠲᠥᠷᠥᠪᠡᠯ ᠠᠷᠪᠠᠨ ᠵᠥᠭ ᠤᠨ ᠲᠡᠭᠢᠨᠢᠰ ᠢ ᠡᠵᠡᠯᠡᠭᠴᠢ ᠲᠡᠷᠡ ᠪᠤᠯᠬᠤ ᠪᠤᠢ︾ ᠭᠡᠪᠡ᠃ ︽ᠪᠠᠰᠠ ᠨᠢᠭᠡ ᠲᠡᠭᠢᠨ ᠲᠥᠯᠭᠡ ᠤᠷᠭᠢ︾ ᠭᠡᠪᠡ᠃ ᠲᠥᠯᠭᠡ ᠤᠷᠭᠢᠪᠠ ᠃ ︽ᠭᠡᠰᠡᠷ ᠰᠠᠷᠪᠤ ᠳ᠋ᠤᠨᠳᠤᠪ ᠨᠡᠷ᠎ᠡ ᠲᠠᠢ᠂ ᠲᠡᠭᠡᠳᠤ ᠪᠠᠶ᠎ᠡ ᠳᠤ ᠨᠢ ᠠᠷᠪᠠᠨ ᠵᠥᠭ ᠤᠨ ᠪᠤᠷᠬᠠᠨ ᠲᠡᠭᠦᠰᠥᠭᠰᠡᠨ᠂ ᠲᠤᠮᠳᠠ ᠪᠠᠶ᠎ᠡ ᠳᠤ ᠨᠢ ᠲᠥᠷᠪᠡᠨ ᠶᠡᠭᠡ ᠲᠡᠭᠷᠢ ᠨᠠᠷ ᠲᠡᠭᠦᠰᠥᠭᠰᠡᠨ᠂ ᠲᠤᠤᠷᠠᠳᠤ ᠪᠠᠶ᠎ᠡ ᠳᠤ ᠨᠢ ᠨᠠᠢᠮᠠᠨ ᠶᠡᠭᠡ ᠯᠤᠤᠰ ᠤᠨ ᠬᠠᠭᠠᠳ ᠲᠡᠭᠦᠰᠥᠭᠰᠡᠨ ᠡᠷ᠎ᠡ ᠲᠥᠷᠥᠭᠦ ᠪᠤᠢ᠃ ᠲᠡᠷᠡ ᠲᠥᠷᠥᠪᠡᠯ ᠡᠨᠡ ᠽᠠᠮᠪᠤᠳᠢᠪ ᠢ ᠡᠵᠡᠯᠡᠭᠴᠢ ᠠᠷᠪᠠᠨ ᠵᠥᠭ ᠤᠨ ᠡᠵᠡᠨ ᠠᠴᠢᠳᠤ ᠭᠡᠰᠡᠷ ᠮᠡᠷᠭᠡᠨ ᠬᠠᠭᠠᠨ ᠲᠡᠷᠡ ᠪᠤᠯᠬᠤ ᠪᠤᠢ︾ ᠭᠡᠪᠡ᠃     ᠠᠷᠢᠶ᠎ᠡ ᠠᠯᠠᠨᠺᠠᠷᠢ ᠥᠭᠢᠨ ᠴᠠᠭᠠᠨ ᠲᠡᠭᠷᠢ ᠪᠠᠰᠠ ᠭᠡᠯᠡᠪᠡ᠄ ︽ᠲᠡᠳᠡ ᠪᠥᠭᠦᠳᠡ ᠨᠢᠭᠡ ᠡᠭᠡ ᠨᠢᠭᠡ ᠡᠴᠢᠭᠡ ᠠᠴᠠ ᠲᠥᠷᠥᠭᠦ ᠤᠤ︖ ᠥᠭᠡᠷ᠎ᠡ ᠡᠴᠢᠭᠡ᠂ ᠥᠭᠡᠷ᠎ᠡ ᠡᠭᠡ ᠠᠴᠠ ᠲᠥᠷᠥᠭᠦ ᠤᠤ︖ ᠡᠴᠢᠭᠡ ᠨᠢ ᠭᠡᠨ ᠪᠤᠢ ᠂ ᠡᠭᠡ ᠨᠢ ᠭᠡᠨ ᠪᠤᠢ︖ ᠪᠠᠰᠠ ᠲᠥᠯᠭᠡ ᠤᠷᠭᠢᠶ᠎ᠡ︾ ᠭᠡᠪᠡ᠃ ︽ᠡᠴᠢᠭᠡ ᠨᠢ ᠠᠭᠤᠯᠠᠰ ᠤᠨ ᠬᠠᠭᠠᠨ ᠤᠸ᠎ᠡ ᠭᠥᠨᠵᠢᠳ ᠡᠨᠡ ᠪᠤᠯᠤᠨ᠎ᠡ᠃ ᠡᠭᠡ ᠨᠢ ᠭᠤ ᠪᠠᠶᠠᠨ ᠤ ᠥᠭᠢᠨ ᠠᠮᠤᠷᠵᠢᠯ ᠪᠤᠯᠤᠨ᠎ᠡ︾ ᠭᠡᠪᠡ᠃ ︽ᠨᠢᠭᠡ ᠨᠢᠭᠡᠨ ᠳᠤ ᠪᠠᠨ ᠲᠤᠰᠠᠯᠠᠬᠤ ᠶᠢᠨ ᠲᠤᠯᠠᠳᠠ ᠨᠢᠭᠡᠨ ᠡᠴᠢᠭᠡ᠂ ᠨᠢᠭᠡᠨ ᠡᠭᠡ ᠠᠴᠠ ᠲᠥᠷᠥᠭᠦ ᠪᠤᠢ︾᠃ ︽ᠡᠴᠢᠭᠡ ᠨᠢ ᠡᠨᠡ᠂ ᠡᠭᠡ ᠨᠢ ᠡᠨᠡ ᠪᠤᠢ ᠠᠵᠢ᠃ ᠬᠠᠮᠢᠭ᠎ᠠ ᠠᠴᠠ ᠢᠷᠡᠭᠦ ᠪᠤᠢ︖︾ ᠲᠥᠯᠭᠡᠴᠢ ᠨᠠᠷ ᠭᠡᠯᠡᠪᠡ᠄ ︽ᠶᠢᠷᠳᠢᠨᠴᠥ ᠶᠢᠨ ᠴᠠᠭ ᠰᠠᠮᠠᠭᠤᠨ ᠪᠤᠯᠤᠭᠰᠠᠨ ᠢ ᠮᠡᠳᠡᠵᠤ ᠲᠡᠭᠡᠷ᠎ᠡ ᠪᠤᠷᠬᠠᠨ ᠠᠴᠠ ᠵᠠᠷᠯᠢᠭ ᠲᠠᠢ ᠬᠤᠷᠮᠤᠰᠳᠠ ᠲᠡᠭᠷᠢ ᠶᠢᠨ ᠭᠥᠪᠡᠭᠦᠨ ᠶᠤᠮ ᠤᠤ︖ ᠶᠢᠷᠳᠢᠨᠴᠥ ᠳᠤ ᠢᠡᠭᠭᠢᠵᠤ ᠬᠤᠪᠢᠯᠵᠤ ᠲᠥᠷᠥᠭᠦ ᠶᠤᠮ ᠤᠤ︖ ᠪᠢᠳᠡ ᠡᠰᠡ ᠮᠡᠳᠡᠪᠡ︾ ᠭᠡᠪᠡ᠃    ᠠᠷᠢᠶ᠎ᠡ ᠠᠯᠠᠨᠺᠠᠷᠢ ᠥᠭᠢᠨ ᠲᠡᠭᠷᠢ᠂ ᠲᠡᠭᠷᠢ ᠳᠤ ᠭᠠᠷᠪᠠ᠃ ᠮᠤ ᠭᠥᠰᠢ᠂ ᠲᠡᠩᠪᠤ ᠨᠡᠷᠡᠳᠤ ᠠᠭᠤᠯᠠ ᠶᠢᠨ ᠬᠠᠭᠠᠨ ᠤᠸ᠎ᠡ ᠭᠥᠨᠵᠢᠳ ᠨᠠᠷ ᠭᠥᠰᠡᠯᠡᠩ ᠨᠡᠷᠡᠳᠤ ᠤᠪᠤᠭᠠᠨ ᠲᠡᠭᠡᠷ᠎ᠡ ᠠᠴᠠ ᠪᠠᠭᠤᠪᠠ᠃ ᠭᠤᠷᠪᠠᠨ ᠵᠠᠭᠤᠨ ᠥᠭᠡᠷ᠎ᠡ ᠥᠭᠡᠷ᠎ᠡ ᠭᠡᠯᠡᠳᠡᠨ ᠠᠮᠢᠳᠠᠨ ᠲᠠᠷᠬᠠᠪᠠ᠃ ᠲᠡᠷᠡ ᠪᠥᠭᠦᠳᠡ ︽ᠲᠥᠯᠭᠡᠴᠢ ᠨᠠᠷ ᠤᠨ ᠥᠭᠡ ᠥᠨᠡᠨ ᠪᠤᠯᠪᠠ ᠤᠤ︖︾ ᠭᠡᠵᠤ ᠶᠠᠷᠢᠯᠴᠠᠵᠤ ︽ᠥᠨᠡᠨ︾ ᠭᠡᠵᠤ ᠲᠠᠷᠬᠠᠪᠠ᠃  
 
ᠢᠷᠡᠯᠲᠡ᠄ ᠭᠡᠰᠡᠷ ᠤᠨ ᠲᠤᠭᠤᠵᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号