ᠬᠤᠯᠠ ᠶᠢᠨ ᠤᠶᠢᠷ᠎ᠠ
ᠨᠡᠶᠢᠲᠡᠯᠡᠭᠰᠡᠨ ᠴᠠᠭ᠄
2018/1/2
                         ᠬᠠ᠊ · ᠪᠠᠲᠤᠵᠢᠷᠭᠠᠯ         ᠲᠡᠷᠡ ᠴᠢᠨᠢ ᠶᠡᠭᠡ ᠬᠤᠯᠠ ᠶᠢᠨ᠂ ᠶᠡᠭᠡ ᠬᠤᠯᠠ ᠶᠢᠨ         ᠴᠡᠩᠭᠡᠷ ᠭᠤᠤᠯ ᠤᠨ ᠬᠡ ᠲᠠᠢ ᠳᠠᠯ᠎ᠠ᠂ ᠴᠡᠴᠡᠭ ᠤᠨ ᠡᠮᠵᠢᠶᠡᠷᠢ ᠲᠠᠢ ᠠᠭᠤᠯᠠ ᠪᠠᠶᠢᠭᠰᠠᠨ ᠶᠤᠮ ᠳ᠋ᠠ       ᠵᠡᠭᠦᠳᠦᠯᠡᠵᠤ ᠴᠠᠭᠠᠨ᠎ᠠ ᠨᠢ ᠴᠢ᠂ ᠳᠠᠭᠤᠯᠠᠵᠤ ᠨᠠᠭᠠᠨ᠎ᠠ ᠨᠢ ᠪᠢ ᠤᠨ ᠤᠳᠠᠵᠤ         ᠵᠠᠭᠤᠨ ᠵᠢᠯ ᠮᠡᠳᠤ ᠨᠠᠯᠦᠭᠡᠷ ᠰᠢᠭᠦᠳᠡᠷᠢ ᠶᠢᠨ ᠮᠦᠭᠦᠯᠢᠭ ᠢ       ᠭᠡᠨᠡᠳᠳᠡ ᠳᠤᠭᠤᠯᠵᠤ ᠠᠭᠤᠯᠵᠠᠭᠰᠠᠨ ᠪᠠᠭᠤᠴᠠ ᠶᠤᠮ ᠳ᠋ᠠ           ᠬᠦᠮᠦᠰ ᠢᠷᠡᠳᠡᠭ ᠯᠠ᠂ ᠠᠭᠤᠯᠵᠠᠳᠠᠭ ᠯᠠ᠂ ᠶᠠᠪᠤᠵᠠᠭᠠᠳᠠᠭ ᠯᠠ ᠪᠠᠶᠢᠯ᠎ᠠ ᠭᠡᠵᠤ       ᠬᠦᠭᠡ ᠴᠢᠯᠠᠭᠤᠨ ᠦᠭᠦᠯᠡᠳᠡᠭ ᠭᠡᠮᠡᠨ ᠴᠡᠩᠭᠡᠷ ᠭᠤᠤᠯ᠂ ᠴᠡᠴᠡᠭ ᠬᠤᠶᠠᠷ         ᠲᠤᠷᠠᠰᠴᠤ ᠪᠠᠶᠢᠪᠠ         ᠬᠦᠳᠦᠯᠦᠯᠴᠡᠵᠤ ᠶᠠᠪᠤᠭᠠᠳ ᠡᠷᠬᠢᠵᠤ ᠬᠠᠷᠠᠬᠤ ᠳᠤ       ᠭᠡᠨ ᠤ ᠴᠤ ᠮᠦᠷ ᠳᠡᠭᠡᠷ᠎ᠡ ᠬᠢᠰᠬᠢᠭᠡ ᠦᠭᠡᠢ ᠮᠦᠷ ᠮᠢᠨᠢ       ᠵᠠᠮ ᠪᠤᠯᠳᠠᠯ᠎ᠠ ᠳᠤᠶᠠᠭᠠᠷᠠᠩᠬᠠᠨ ᠪᠠᠶᠢᠪᠠ           ᠳᠡᠷᠡ ᠴᠢᠨᠢ ᠶᠡᠭᠡ ᠬᠤᠯᠠ ᠶᠢᠨ᠂ ᠶᠡᠭᠡ ᠬᠤᠯᠠ ᠶᠢᠨ ᠠᠭᠠᠳ         ᠲᠡᠨᠳᠡ ᠠᠴᠠ ᠪᠢᠳᠠ ᠬᠦᠳᠦᠯᠦᠯᠴᠡᠵᠤ ᠶᠠᠪᠤᠭᠰᠠᠨ ᠢᠶᠠᠷ ᠯᠠ ᠵᠠᠮ ᠲᠠᠢ ᠪᠤᠯᠤᠭᠰᠠᠨ         ᠴᠡᠩᠭᠡᠷ ᠭᠤᠤᠯ ᠤᠨ ᠬᠡ ᠲᠠᠢ ᠳᠠᠯ᠎ᠠ᠂ ᠴᠡᠴᠡᠭ ᠤᠨ ᠡᠮᠵᠢᠶᠡᠷᠢ ᠲᠠᠢ ᠠᠭᠤᠯᠠ ᠶᠤᠮ         ᠵᠡᠭᠦᠳᠦᠯᠡᠵᠤ ᠴᠠᠭᠠᠨ᠎ᠠ ᠨᠢ ᠴᠢ᠂ ᠳᠠᠭᠤᠯᠠᠵᠤ ᠨᠠᠭᠠᠨ᠎ᠠ ᠨᠢ ᠪᠢ         ᠵᠠᠭᠤᠨ ᠵᠢᠯ ᠮᠡᠳᠤ ᠨᠠᠯᠦᠭᠡᠷ ᠢ         ᠵᠢᠵᠢᠭᠭᠡᠨ ᠰᠢᠭᠦᠳᠡᠷᠢ ᠶᠢᠨ ᠮᠦᠭᠦᠯᠢᠭ ᠪᠤᠯᠳᠠᠯ᠎ᠠ ᠳᠤᠭᠤᠯᠵᠤ ᠤᠴᠠᠷᠠᠭᠰᠠᠨ         ᠳᠡᠯᠡᠭᠡᠢ ᠮᠢᠨᠢ ᠶᠤᠮ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号