ᠰᠢᠨ᠎ᠡ ᠡᠷᠢᠯ ᠬᠦᠰᠡᠯ
ᠨᠡᠶᠢᠲᠡᠯᠡᠭᠰᠡᠨ ᠴᠠᠭ᠄
2018/1/2
                  ᠨᠡᠭᠦᠳᠡᠯᠴᠢᠨ         ᠲᠥᠷᠦ ᠶᠢᠨ ᠪᠣᠳᠣᠯᠭ᠎ᠠ ᠶᠢ ᠲᠠᠭᠠᠵᠤ         ᠲᠦᠮᠡᠨ ᠤ ᠠᠮᠢᠳᠣᠷᠠᠯ ᠪᠠᠶᠠᠯᠢᠭᠵᠢᠯ᠎ᠠ           ᠲᠡᠣᠬᠡ ᠶᠢᠨ ᠠᠯᠳᠠᠨ ᠬᠠᠭᠤᠳᠠᠰᠣᠨ ᠳᠤ         ᠪᠠᠰᠠ ᠨᠢᠭᠡᠨ ᠬᠤᠪᠢᠷᠠᠯᠲᠠ ᠭᠠᠷᠣᠯ᠎ᠠ︕         ᠬᠥᠳᠡᠭᠡ ᠨᠣᠲᠤᠭ ᠤᠨ ᠠᠮᠢᠳᠣᠷᠠᠯ ᠳᠤ         ᠬᠦᠭᠵᠢᠯᠲᠡ ᠪᠦᠷᠬᠦᠵᠢᠭᠦᠯᠬᠦ ᠭᠡᠵᠦ ᠡᠭᠦᠰᠦᠯ᠎ᠡ         ᠬᠦᠮᠦᠨ ᠪᠠᠶᠢᠭᠠᠯᠢ ᠶᠢᠨ ᠠᠮᠢ ᠠᠬᠤᠢ ᠶᠢ         ᠬᠥᠰᠡᠵᠦ ᠵᠠᠰᠠᠵᠤ ᠲᠣᠬᠢᠷᠠᠭᠤᠯᠵᠤ ᠡᠬᠢᠯᠡᠯ᠎ᠡ︕         ᠨᠠᠮ ᠵᠠᠰᠠᠭ ᠤᠨ ᠣᠳᠣᠷᠢᠳᠣᠯᠭ᠎ᠠ ᠨᠠᠷ           ᠨᠠᠶᠢᠳᠠᠪᠣᠷᠢᠳᠠᠢ ᠪᠠᠳᠣᠯᠠᠭ᠎ᠠ ᠲᠠᠢ ᠪᠣᠯᠣᠯ᠎ᠠ         ᠨᠠᠷᠠᠨ ᠤ ᠭᠢᠯᠪᠠᠭ᠎ᠠ ᠰᠠᠴᠣᠷᠠᠭᠰᠠᠨ         ᠮᠡᠷᠭᠡᠨ ᠭᠡᠭᠡᠨ ᠰᠣᠷᠭᠠᠯ ᠵᠢᠭᠠᠪᠣᠷᠢᠯᠠᠯ᠎ᠠ︕         ᠡᠯᠳᠡᠪ ᠵᠦᠢᠯ ᠤᠨ ᠣᠷᠣᠯᠭ᠎ᠠ ᠶᠢ         ᠦᠨᠡᠨ ᠪᠣᠳᠠᠳᠣ ᠪᠠᠶᠢᠳᠠᠯ ᠲᠠᠢ ᠪᠤᠯᠭᠠᠯ᠎ᠠ         ᠡᠬᠡ ᠪᠠᠶᠢᠭᠠᠯᠢ ᠶᠢᠨ ᠬᠠᠮᠠᠭᠠᠯᠠᠯᠲᠠ ᠳᠤ         ᠡᠷᠡᠰ ᠬᠠᠲᠠᠭᠤ ᠲᠥᠷᠢᠮ ᠲᠤᠭᠳᠠᠭᠠᠯ ᠦᠭᠭᠦᠯ᠎ᠡ︕         ᠬᠥᠳᠡᠭᠡ ᠨᠣᠲᠤᠭ ᠤᠨ ᠠᠵᠤ ᠠᠬᠤᠢ ᠶᠢ         ᠬᠦᠨᠳᠦᠳᠭᠡᠵᠦ ᠦᠵᠡᠯ᠎ᠡ ᠨᠠᠮ ᠵᠠᠰᠠᠭ ᠮᠢᠨᠢ         ᠬᠥᠬᠡ ᠨᠣᠭᠤᠭᠠᠨ ᠤ ᠣᠷᠴᠢᠨ ᠲᠤᠭᠤᠷᠢᠨ ᠢ         ᠬᠢᠴᠢᠶᠡᠵᠦ ᠬᠠᠮᠠᠭᠠᠯᠠᠵᠤ ᠪᠠᠶᠢᠭᠤᠯᠤᠯ᠎ᠠ︕         ᠠᠷᠪᠠ ᠶᠢᠰᠦᠳᠦᠭᠡᠷ ᠬᠤᠷᠠᠯ ᠮᠢᠨᠢ       ᠠᠷᠠᠳ ᠤᠨ ᠠᠮᠢᠳᠤᠷᠠᠯ ᠢ ᠠᠩᠬᠠᠷᠤᠯ᠎ᠠ         ᠠᠮᠢ ᠠᠬᠤᠢ ᠶᠢᠨ ᠲᠡᠩᠴᠡᠭᠦᠷᠢ ᠭᠡᠵᠦ         ᠤᠨᠴᠠᠭᠠᠢ ᠲᠤᠷᠠᠳᠣᠵᠤ ᠭᠠᠷᠭᠠᠯ᠎ᠠ︕         ᠣᠯᠠᠨ ᠲᠦᠮᠡᠨᠴᠢ ᠱᠣᠭᠤᠮ ᠢᠶᠠᠨ ᠪᠠᠷᠢᠮᠳᠠᠯᠠᠵᠤ         ᠣᠷᠴᠢᠯᠠᠩ ᠤᠨ ᠪᠠᠶᠢᠳᠠᠯ ᠳᠤ ᠲᠣᠬᠢᠷᠠᠭᠤᠯᠤᠯ᠎ᠠ         ᠣᠷᠣᠨ ᠨᠣᠲᠤᠭ ᠤᠨ ᠣᠷᠣᠯᠭ᠎ᠠ ᠶᠢ ᠨᠡᠮᠡᠭᠳᠡᠭᠦᠯᠬᠦ         ᠣᠯᠠᠨ ᠠᠷᠪᠢᠨ ᠠᠷᠭ᠎ᠠ ᠬᠡᠮᠵᠢᠶ᠎ᠡ ᠰᠦᠪᠡᠭᠴᠢᠯᠡᠯ᠎ᠡ︕         ᠰᠢ ᠲᠡᠷᠢᠭᠦᠯᠡᠭᠴᠢ ᠶᠢᠨ ᠵᠥᠪ ᠣᠳᠣᠷᠢᠳᠣᠯᠭ᠎ᠠ           ᠰᠢᠨ᠎ᠡ ᠨᠢᠭᠡᠨ ᠴᠠᠭ ᠦᠶ᠎ᠡ ᠶᠢ ᠭᠡᠶᠢᠭᠦᠯᠦᠯ᠎ᠡ         ᠰᠢᠨᠵᠢᠯᠡᠬᠦ ᠣᠬᠠᠭᠠᠨᠴᠢ ᠪᠣᠳᠣᠯ ᠰᠡᠳᠭᠢᠬᠦᠢ ᠪᠠᠷ         ᠴᠡᠴᠡᠭᠯᠡᠨ ᠬᠦᠭᠵᠢᠭᠦᠯᠬᠦ ᠶᠢ ᠠᠬᠢᠭᠤᠯᠤᠯ᠎ᠠ︕         ᠨᠠᠮ ᠵᠠᠰᠠᠭ ᠤᠨ ᠴᠡᠴᠡᠭᠯᠡᠯᠲᠡ ᠶᠢ ᠠᠳᠬᠤᠵᠤ         ᠢᠯᠵᠢᠷᠡᠨ ᠲᠣᠷᠣᠶᠢᠲᠠᠬᠤ ᠶᠢ ᠴᠠᠭᠠᠵᠠᠯᠠᠯ᠎ᠠ         ᠨᠡᠶᠢᠭᠡᠮ ᠤᠨ ᠬᠦᠭᠵᠢᠯᠲᠡ ᠶᠢ ᠠᠩᠬᠠᠷᠴᠤ         ᠨᠡᠶᠢᠲᠡ ᠶᠢᠨ ᠠᠮᠤᠷ ᠲᠦᠪᠰᠢᠨ ᠢ ᠪᠠᠳᠣᠯᠠᠯ᠎ᠠ︕         ᠨᠣᠶᠠᠨᠴᠢ ᠰᠣᠷᠳᠠᠯ ᠢ ᠠᠷᠢᠯᠭᠠᠵᠤ ᠬᠠᠶᠠᠨ         ᠨᠣᠲᠤᠭ ᠬᠥᠳᠡᠭᠡ ᠦᠨᠳᠦᠰᠦᠨ ᠱᠠᠳᠣᠨ ᠳᠤ ᠪᠠᠭᠤᠯ᠎ᠠ         ᠨᠡᠶᠢᠲᠡ ᠣᠯᠠᠨ ᠤ ᠠᠮᠢᠳᠣᠷᠠᠯ ᠢ ᠣᠶᠢᠯᠠᠭᠠᠵᠤ         ᠨᠢᠭᠡ ᠨᠢᠭᠡ ᠪᠠᠷ ᠠᠰᠠᠭᠤᠳᠠᠯ ᠢ ᠰᠣᠳᠣᠯᠣᠯ᠎ᠠ︕         ᠠᠷᠪᠠ ᠶᠢᠰᠦᠳᠦᠭᠡᠷ ᠬᠤᠷᠠᠯ ᠤᠨ ᠵᠢᠭᠠᠪᠣᠷᠢ         ᠠᠮᠢᠳᠣᠷᠠᠯ ᠬᠠᠶᠢᠷ᠎ᠠ ᠶᠢᠨ ᠵᠢᠯᠣᠭᠤᠴᠢ ᠪᠣᠯᠣᠯ᠎ᠠ         ᠠᠷᠪᠠᠨ ᠵᠦᠭ ᠢ ᠭᠡᠶᠢᠭᠦᠯᠦᠭᠰᠡᠨ         ᠠᠯᠳᠠᠨ ᠨᠠᠷᠠᠨ ᠤ ᠣᠯᠠᠭᠠᠨ ᠲᠣᠶᠠᠭ᠎ᠠ ᠶᠤᠮ ᠡ︕    
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号