| | | ᠥᠭᠡᠷ ᠤᠨ ᠭᠡᠯᠨ ᠢᠯᠵᠢᠷᠠᠬᠦ ᠡᠪᠠᠳᠴᠢᠨ ᠪᠤᠯ ᠭᠡᠪᠢᠭᠴᠢ ᠠᠮᠢᠳᠠᠨ ᠳᠤ ᠲᠤᠰᠳᠠᠭ ᠸᠢᠷᠥ᠋ᠰᠳᠤ ᠬᠠᠯᠳᠠᠪᠤᠷᠢᠳᠤ | ᠡᠪᠠᠳᠴᠢᠨ ᠪᠤᠯᠤᠨ᠎ᠠ᠃ ᠭᠤᠤᠯᠳᠠᠭᠤ ᠬᠠᠯᠠᠭᠤᠷᠠᠵᠤ᠂ ᠠᠮᠠᠨ ᠬᠥᠨᠳᠠᠢ ᠶᠢᠨ ᠰᠠᠯᠢᠰᠤᠳᠤ ᠪᠥᠷᠬᠦᠪᠴᠢ ᠳᠤ | ᠰᠢᠷᠬᠠᠯᠠᠭ᠎ᠠ ᠶᠢᠨ ᠴᠢᠨᠠᠷᠳᠠᠢ ᠥᠷᠪᠢᠰᠤᠯ ᠡᠬᠦᠰᠴᠤ᠂ ᠭᠡᠭᠡᠯ ᠬᠠᠶᠠᠬᠤ ᠪᠤᠶᠤ ᠵᠠᠷᠠᠮᠳᠡᠭ ᠲᠤᠭᠤᠯ ᠭᠠᠷᠳᠠᠭ᠃ | ① ᠡᠪᠠᠳᠴᠢᠨ ᠤ ᠰᠢᠯᠳᠠᠭᠠᠨ ᠪᠠ ᠬᠠᠯᠳᠠᠪᠤᠷᠢᠯᠠᠬᠤ ᠨᠥᠬᠦᠴᠠᠯ ᠰᠢᠯᠳᠠᠭᠠᠨ | ᠲᠤᠰ ᠡᠪᠠᠳᠴᠢᠨ ᠤ ᠸᠢᠷᠦ᠋ᠰ ᠪᠤᠯ ᠠᠮᠢᠰᠬᠤᠯ ᠤᠨ ᠵᠠᠮ᠂ ᠭᠡᠳᠠᠰᠤᠨ ᠤ ᠴᠠᠭᠠᠷᠢᠭ ᠭᠡᠯᠪᠠᠷᠢᠳᠤ ᠸᠢᠷᠦ᠋ᠰ ᠤᠨ | ᠲᠥᠷᠤᠯ ᠳᠤ ᠬᠠᠷᠢᠶᠠᠯᠠᠭᠳᠠᠨ᠎ᠠ᠂ ᠸᠢᠷᠦ᠋ᠰ ᠨᠢ ᠴᠢᠰᠤ ᠪᠤᠯᠤᠨ ᠲᠤᠳᠤᠷ ᠡᠷᠭᠡᠳᠠᠨ ᠳᠤ ᠤᠷᠤᠰᠢᠳᠠᠭ᠃ ᠲᠤᠰ | ᠸᠢᠷᠦ᠋ᠰ ᠡᠷᠠᠬᠦᠯᠵᠢᠭᠰᠡᠨ ᠥᠭᠡᠷ ᠤᠨ ᠪᠠᠶ᠎ᠠ ᠶᠢᠨ ᠲᠤᠳᠤᠭᠠᠳᠤ ᠳᠤ 4 ᠰᠠᠷ᠎ᠠ ᠠᠮᠢᠳᠤᠷᠠᠴᠢᠬᠠᠳᠠᠭ ᠪᠥᠭᠡᠳ ᠲᠤᠯᠠᠭᠠᠨ | ᠬᠠᠭᠤᠷᠠᠢ ᠳᠤ ᠲᠠᠰᠪᠤᠷᠢᠳᠠᠢ᠃ ᠭᠡᠪᠠᠴᠤ ᠱᠥᠯᠳᠤ ᠶᠢ ᠡᠰᠠᠷᠬᠦᠴᠠᠬᠦ ᠴᠢᠳᠠᠪᠤᠷᠢ ᠪᠠᠷ ᠨᠠᠯᠢᠶᠠᠳ ᠲᠤᠷᠤᠢ᠂ ᠱᠥᠯᠳᠤ | ᠶᠢᠨ ᠭᠡᠮᠵᠢᠶ᠎ᠠ ᠨᠢ 6.5 ᠠᠴᠠ ᠲᠤᠷᠤᠭᠰᠢ ᠥᠶ᠎ᠠ ᠳᠤ ᠠᠮᠢᠵᠢᠷᠠᠯ ᠤᠨ ᠴᠢᠳᠠᠪᠤᠷᠢ ᠨᠢ ᠪᠠᠭᠤᠷᠠᠨ᠎ᠠ᠃ | ② ᠡᠪᠠᠳᠴᠢᠨ ᠤ ᠰᠢᠨᠵᠢ ᠲᠠᠮᠳᠡᠭ | ᠲᠤᠰ ᠡᠪᠠᠳᠴᠢᠨ ᠤ ᠲᠠᠯᠳᠠ ᠥᠶ᠎ᠠ ᠨᠢ 3~8 ᠬᠤᠨᠤᠭ᠂ ᠡᠭᠢᠯᠠᠭᠡᠳ ᠬᠠᠯᠠᠭᠤᠷᠠᠳᠠᠭ ᠪᠤᠯᠪᠠᠴᠤ 41 ᠭᠷᠠᠳᠦ᠋ᠰ | ᠠᠴᠠ ᠲᠠᠪᠠᠳᠠᠭ ᠥᠭᠡᠢ᠃ ᠠᠮᠢᠰᠬᠤᠯ ᠨᠢ ᠵᠢᠭᠠᠬᠠᠨ ᠤᠭᠵᠤᠮ ᠪᠤᠯᠵᠤ ᠬᠥᠡᠭᠭᠡᠨ ᠬᠠᠨᠢᠶᠠᠯᠭᠠᠨ᠂ ᠵᠠᠪᠠᠵᠢᠨ ᠤ | ᠰᠠᠯᠢᠰᠤᠳᠤ ᠪᠥᠷᠬᠦᠪᠴᠢ ᠪᠤᠯᠤᠨ ᠭᠡᠯᠨ ᠨᠢ ᠬᠠᠪᠤᠳᠴᠤ ᠪᠤᠷᠤᠯᠠᠳᠠᠭ᠃ ᠲᠤᠰ ᠡᠪᠠᠳᠴᠢᠨ ᠭᠢᠯᠪᠠᠷᠬᠠᠨ ᠰᠢᠷᠬᠠᠯᠠᠭ᠎ᠠ | ᠡᠬᠦᠰᠭᠡᠳᠡᠭ ᠪᠤᠯᠬᠤᠷ ᠰᠢᠯᠤᠰᠤ ᠰᠠᠪᠢᠷᠠᠭᠤᠯᠳᠠᠭ᠃ ᠭᠡᠭᠡᠯ ᠲᠠᠢ ᠥᠨᠢᠶ᠎ᠠ ᠠᠮᠠᠷᠬᠠᠨ ᠭᠡᠭᠡᠯ ᠬᠠᠶᠠᠨ᠎ᠠ᠃ | ③ ᠤᠨᠤᠰᠢᠯᠠᠬᠤ ᠪᠠ ᠰᠠᠷᠭᠡᠶᠢᠯᠠᠨ ᠵᠠᠰᠠᠬᠤ ᠠᠷᠭ᠎ᠠ | ᠲᠤᠰ ᠡᠪᠠᠳᠴᠢᠨ ᠢ ᠡᠮᠴᠢᠯᠡᠭᠡ ᠶᠢᠨ ᠢᠯᠠᠷᠠᠯ ᠢᠶᠠᠷ ᠨᠢ ᠠᠩᠬ᠎ᠠ ᠠᠯᠬᠤᠮ ᠤᠨᠤᠰᠢᠯᠠᠵᠤ᠂ ᠯᠠᠪᠤᠷᠠᠲ᠋ᠤᠷᠢ ᠶᠢᠨ | ᠪᠠᠶᠢᠴᠠᠭᠠᠯᠳᠠ ᠪᠠᠷ ᠰᠠᠶ᠋ᠢ ᠵᠢᠩᠭᠢᠨᠢ ᠲᠤᠳᠤᠯᠠᠳᠠᠭ᠃ ᠤᠳᠤᠬᠠᠨ ᠳᠤ ᠲᠤᠰ ᠡᠪᠠᠳᠴᠢᠨ ᠢ ᠰᠠᠷᠭᠡᠶᠢᠯᠠᠨ ᠵᠠᠰᠠᠬᠤ | ᠤᠨᠴᠠᠭᠠᠢ ᠠᠷᠭ᠎ᠠ ᠥᠭᠡᠢ ᠪᠠᠶᠢᠭᠰᠠᠭᠠᠷ᠃ ᠭᠤᠤᠯ ᠨᠢ ᠢᠯᠠᠭ᠎ᠠ ᠪᠠᠳᠠᠭᠠᠨ᠎ᠠ ᠶᠢ ᠤᠰᠠᠳᠬᠠᠵᠤ᠂ ᠫᠸᠡᠭ ᠬᠤᠷᠤᠭ᠎ᠠ | ᠶᠢᠨ ᠠᠷᠢᠭᠤᠨ ᠴᠠᠪᠠᠷ ᠢ ᠪᠠᠳᠤᠯᠠᠬᠤ ᠨᠢ ᠵᠤᠭᠢᠬᠤ ᠭᠡᠮᠵᠢᠶᠠᠨ ᠤ ᠤᠷᠢᠳᠴᠢᠯᠠᠨ ᠰᠠᠷᠭᠡᠶᠢᠯᠠᠬᠦ ᠥᠢᠯᠠᠳᠤᠯ ᠲᠠᠢ᠃ | |