ᠥᠭᠡᠷ ᠢ ᠭᠡᠷᠭᠢᠨ ᠲᠠᠵᠢᠭᠡᠪᠠᠯ ᠡᠪᠤᠯ ᠲᠠᠷᠭᠤ ᠮᠠᠭᠤᠳᠠᠬᠤ ᠥᠭᠡᠢ ᠪᠤᠢ︖
ᠨᠡᠶᠢᠲᠡᠯᠡᠭᠰᠡᠨ ᠴᠠᠭ᠄
2017/12/31
          1. ᠡᠯ᠎ᠠ ᠵᠥᠢᠯ ᠤᠨ ᠡᠰᠢ ᠰᠥᠷᠠᠯ ᠢ ᠰᠠᠶᠢᠳᠤᠷ ᠰᠢᠢᠳᠪᠤᠷᠢᠯᠠᠬᠦ ᠶᠢ ᠠᠩᠬᠠᠷᠤᠨ᠎ᠠ᠃ ᠲᠤᠳᠤᠷᠭ᠎ᠠ᠂  ᠪᠤᠭᠤᠳᠠᠢ ᠶᠢᠨ ᠰᠥᠷᠠᠯ ᠢ ᠰᠠᠶᠢᠳᠤᠷ ᠰᠢᠪᠳᠤᠷᠵᠢᠬᠦᠯᠤᠨ ᠭᠡᠪ ᠲᠠᠢ ᠰᠠᠶᠢᠬᠠᠨ ᠰᠢᠢᠳᠪᠤᠷᠢᠯᠠᠪᠠᠯ᠂ ᠬᠠᠭᠤᠷᠠᠢ ᠶᠢ ᠨᠢ  ᠨᠦᠢᠳᠠᠨ ᠪᠤᠯᠭᠠᠵᠤ᠂ ᠬᠠᠳᠠᠭᠤ ᠰᠢᠭ᠋ ᠢ ᠨᠢ ᠵᠥᠭᠡᠯᠠᠷᠠᠬᠦᠯᠵᠤ ᠪᠤᠯᠤᠨ᠎ᠠ᠃ ᠰᠢᠢᠳᠪᠤᠷᠢᠯᠠᠬᠦ ᠠᠷᠭ᠎ᠠ ᠭᠡᠪᠠᠯ᠂ ᠭᠡᠷᠡᠭᠯᠠᠬᠦ  ᠪᠤᠭᠤᠳᠠᠢ᠂ ᠲᠤᠳᠤᠷᠭ᠎ᠠ ᠶᠢᠨ ᠰᠥᠷᠠᠯ ᠢᠶᠠᠨ 2~3 ᠰᠠᠨᠲ᠋ᠢᠮᠧᠲᠷ ᠤᠬᠤᠷ ᠭᠡᠷᠴᠢᠵᠤ᠂ 100 ᠺᠢᠯᠥᠭᠷᠠᠮ  ᠭᠡᠷᠴᠢᠭᠰᠡᠨ ᠡᠪᠠᠰᠤᠨ ᠳᠤ 4 ᠺᠢᠯᠥᠭᠷᠠᠮ ᠰᠢᠭᠡᠰᠦᠯᠢᠭ ᠡᠳ᠋ ᠨᠠᠮᠠᠨ᠎ᠠ᠃ ᠤᠷᠢᠳᠠᠪᠠᠷ 40 ᠺᠢᠯᠥᠭᠷᠠᠮ ᠤᠰᠤ ᠪᠠᠷ  ᠰᠢᠭᠡᠰᠦᠯᠢᠭ ᠡᠳ᠋ ᠢ ᠠᠭᠤᠰᠬᠠᠵᠤ ᠪᠤᠭᠤᠳᠠᠢ ᠪᠤᠯᠤᠨ ᠲᠤᠳᠤᠷᠭ᠎ᠠ ᠶᠢᠨ ᠰᠥᠷᠠᠯ ᠤᠨ ᠭᠡᠷᠴᠢᠮᠠᠯ ᠳᠤ ᠨᠢᠭᠳᠠ ᠬᠤᠯᠢᠵᠤ  ᠂ ᠲᠠᠷᠠᠭ᠎ᠠ ᠨᠢ ᠼᠧᠮᠧᠨ᠋ᠲ ᠴᠥᠬᠦᠷᠤᠮ ᠪᠤᠶᠤ ᠪᠥᠳᠤᠬᠦᠨ ᠭᠠᠩ ᠳᠤ ᠭᠢᠵᠤ᠂ ᠨᠢᠭᠳᠠ ᠲᠠᠷᠤᠵᠤ ᠪᠢᠳᠠᠬᠦᠮᠵᠢᠯᠠᠵᠤ ᠭᠡᠢ  ᠠᠭᠠᠷ ᠤᠷᠤᠭᠤᠯᠬᠤ ᠥᠭᠡᠢ ᠪᠤᠯᠭᠠᠨ᠎ᠠ᠃ ᠡᠪᠤᠯ ᠤᠨ ᠤᠯᠠᠷᠢᠯ ᠳᠤ ᠨᠢᠭᠡ ᠰᠠᠷ᠎ᠠ ᠰᠢᠪᠳᠤᠷᠵᠢᠬᠦᠯᠪᠠᠯ ᠲᠠᠷᠤᠢ  ᠪᠤᠯᠴᠢᠬᠠᠨ᠎ᠠ᠃ ᠢᠩᠭᠢᠵᠤ ᠰᠢᠪᠳᠤᠷᠵᠢᠬᠦᠯᠥᠭᠰᠠᠨ ᠲᠠᠵᠢᠭᠡᠯ ᠨᠢ ᠵᠥᠭᠡᠯᠠᠨ᠂ ᠥᠭᠡᠷ ᠢᠳᠠᠰᠢᠯᠠᠬᠦ ᠲᠤᠷᠠᠳᠠᠢ᠂  ᠠᠮᠠᠷᠬᠠᠨ ᠰᠢᠩᠭᠡᠭᠡᠵᠤ᠂ ᠲᠠᠷᠭᠤ ᠠᠪᠬᠤ ᠨᠢ ᠴᠤ ᠰᠠᠶᠢᠨ ᠶᠤᠮ᠃ ᠡᠳᠤᠷ ᠪᠥᠷᠢ ᠥᠭᠡᠷ ᠲᠤ 10~15 ᠺᠢᠯᠥᠭᠷᠠᠮ  ᠲᠠᠵᠢᠭᠡᠪᠠᠯ ᠪᠤᠯᠴᠢᠬᠠᠨ᠎ᠠ᠃         2. ᠲᠠᠵᠢᠭᠡᠯ ᠡᠪᠠᠰᠤ ᠪᠤᠷᠳᠤᠭ᠎ᠠ ᠶᠢ ᠰᠠᠶᠢᠳᠤᠷ ᠲᠤᠭᠢᠷᠠᠭᠤᠯᠬᠤ ᠶᠢ ᠠᠩᠬᠠᠷᠤᠨ᠎ᠠ᠃ ᠡᠪᠤᠯ ᠤᠨ ᠤᠯᠠᠷᠢᠯ ᠳᠤ  ᠬᠥᠭᠡ ᠡᠪᠠᠰᠤ ᠥᠭᠡᠢ ᠪᠤᠯᠬᠤᠷ ᠲᠠᠵᠢᠭᠡᠯ ᠡᠪᠠᠰᠤ ᠪᠠᠨ ᠤᠯᠠᠨ ᠶᠠᠩᠵᠤ ᠪᠠᠷ ᠲᠤᠭᠢᠷᠠᠭᠤᠯᠤᠨ ᠲᠠᠵᠢᠭᠡᠵᠤ ᠪᠤᠯᠤᠨ᠎ᠠ᠃  ᠲᠠᠷᠤᠢ ᠤᠬᠤᠷ ᠭᠡᠷᠴᠢᠭᠰᠡᠨ ᠪᠤᠶᠤ ᠤᠬᠤᠷ ᠰᠢᠭ᠋ ᠡᠪᠠᠰᠤᠨ ᠳᠤ ᠤᠷᠳᠤ ᠡᠪᠠᠰᠤ᠂ ᠰᠠᠶᠢᠨ ᠴᠢᠨᠠᠷ ᠤᠨ ᠡᠪᠠᠰᠤᠨ ᠳᠤ  ᠮᠠᠭᠤ ᠰᠢᠭ᠋ ᠡᠪᠠᠰᠤ ᠶᠢ ᠬᠠᠪᠰᠤᠷᠭᠠᠵᠤ᠂ ᠪᠥᠳᠤᠬᠦᠯᠢᠭ ᠤᠭᠤᠷᠠᠭ ᠤᠨ ᠭᠡᠮᠵᠢᠶ᠎ᠠ 20%~22% ᠲᠤ ᠬᠥᠷᠪᠠᠯ᠂  ᠪᠤᠰᠤᠳ ᠶᠠᠭᠡᠩᠭᠢ ᠡᠪᠠᠰᠤᠨ ᠤ ᠪᠥᠳᠤᠬᠦᠯᠢᠭ ᠤᠭᠤᠷᠠᠭ ᠤᠨ ᠭᠡᠮᠵᠢᠶ᠎ᠠ ᠶᠢ 4% ~20% ᠶᠢᠨ ᠲᠤᠳᠤᠷ᠎ᠠ  ᠪᠠᠶᠢᠯᠭᠠᠪᠠᠯ ᠰᠠᠶᠢᠨ ᠶᠤᠮ᠃ ᠲᠠᠭᠢᠪᠠᠯ᠂ ᠲᠠᠵᠢᠭᠡᠯ ᠡᠪᠠᠰᠤᠨ ᠤ ᠥᠩᠭᠡ ᠠᠳᠠᠯᠢ ᠪᠤᠰᠤ ᠤᠴᠢᠷ ᠠᠴᠠ ᠲᠠᠬᠦᠨ ᠤ  ᠰᠢᠮ᠎ᠠ ᠲᠠᠵᠢᠭᠡᠯ ᠨᠢ ᠪᠠᠰᠨ ᠠᠳᠠᠯᠢ ᠪᠤᠰᠤ ᠪᠠᠶᠢᠳᠠᠭ᠃ ᠡᠩ ᠤᠨ ᠪᠠᠶᠢᠳᠠᠯ ᠲᠤᠤᠷ᠎ᠠ᠂ ᠨᠤᠭᠤᠭᠠᠨ ᠬᠠᠭᠤᠷᠠᠢ  ᠡᠪᠠᠰᠤᠨ ᠤ ᠰᠢᠮ᠎ᠠ ᠲᠠᠵᠢᠭᠡᠯ ᠥᠨᠳᠤᠷ ᠪᠠᠶᠢᠵᠤ᠂ ᠰᠢᠷᠠᠯᠠᠭᠰᠠᠨ ᠬᠠᠭᠤᠷᠠᠢ ᠡᠪᠠᠰᠤ ᠶᠢᠨ ᠰᠢᠮ᠎ᠠ ᠲᠠᠵᠢᠭᠡᠯ ᠨᠠᠯᠢᠶᠠᠳ  ᠮᠠᠭᠤ  ᠪᠠᠶᠢᠳᠠᠭ   ᠠᠴᠠ ᠴᠠᠭᠠᠨ ᠥᠩᠭᠡ ᠶᠢᠨ ᠬᠠᠭᠤᠷᠠᠢ ᠡᠪᠠᠰᠤ ᠶᠢᠨ ᠰᠢᠮ᠎ᠠ ᠲᠠᠵᠢᠭᠡᠯ ᠨᠠᠩ ᠮᠠᠭᠤ ᠪᠠᠶᠢᠳᠠᠭ᠃  ᠡᠶᠢᠮᠤ ᠠᠴᠠ ᠭᠤᠷᠪᠠᠨ ᠵᠥᠢᠯ ᠤᠨ ᠥᠩᠭᠡ ᠶᠢᠨ ᠡᠪᠠᠰᠤ ᠶᠢ ᠰᠠᠶᠢᠳᠤᠷ ᠲᠤᠭᠢᠷᠠᠭᠤᠯᠤᠨ᠎ᠠ᠃ ᠵᠢᠱᠢᠶᠠᠯᠠᠪᠠᠯ᠂  ᠨᠤᠭᠤᠭᠠᠨ ᠥᠩᠭᠡ ᠶᠢᠨ ᠬᠠᠭᠤᠷᠠᠢ ᠡᠪᠠᠰᠤ  ᠪᠤᠯᠬᠤ ᠬᠤᠸᠠᠱᠧᠩ ᠤᠨ ᠵᠠᠯ᠎ᠠ᠂ ᠴᠠᠷᠭᠠᠰᠤ᠂ ᠡᠷᠳᠠᠨᠢ ᠰᠢᠰᠢ ᠶᠢᠨ  ᠨᠠᠪᠴᠢ ᠪᠤᠯᠤᠨ ᠴᠠᠭᠠᠨ ᠥᠩᠭᠡ ᠶᠢᠨ ᠬᠠᠭᠤᠷᠠᠢ ᠡᠪᠠᠰᠤ ᠪᠤᠯᠬᠤ ᠪᠤᠭᠤᠳᠠᠢ ᠶᠢᠨ ᠰᠥᠷᠠᠯ᠂ ᠲᠤᠳᠤᠷᠭ᠎ᠠ ᠶᠢᠨ  ᠰᠥᠷᠠᠯ ᠢ ᠲᠤᠰ ᠲᠤᠰ 30% ᠪᠠᠷ ᠡᠵᠠᠯᠠᠬᠦᠯᠵᠤ᠂ ᠰᠢᠷ᠎ᠠ ᠥᠩᠭᠡ ᠶᠢᠨ ᠬᠠᠭᠤᠷᠠᠢ ᠡᠪᠠᠰᠤ ᠶᠢ 40%   ᠡᠵᠠᠯᠠᠬᠦᠯᠵᠤ᠂ ᠭᠤᠷᠪᠠᠨ ᠵᠥᠢᠯ ᠤᠨ ᠡᠪᠠᠰᠤ ᠶᠢ ᠨᠠᠷᠢᠨ ᠭᠡᠷᠴᠢᠵᠤ ᠨᠠᠷᠢᠯᠢᠭ ᠬᠤᠯᠢᠵᠤ ᠲᠠᠵᠢᠭᠡᠪᠠᠯ ᠥᠭᠡᠷ  ᠢᠳᠠᠰᠢᠯᠠᠬᠦ ᠲᠤᠷᠠᠳᠠᠢ ᠪᠥᠭᠡᠳ ᠰᠢᠮ᠎ᠠ ᠲᠠᠵᠢᠭᠡᠯ ᠨᠠᠯᠢᠶᠠᠳ ᠬᠥᠢᠴᠠᠳ ᠪᠤᠯᠬᠤ ᠶᠤᠮ᠃        3. ᠨᠠᠷᠢᠯᠢᠭ ᠪᠤᠷᠳᠤᠭ᠎ᠠ ᠶᠢ ᠰᠠᠶᠢᠳᠤᠷ ᠲᠤᠭᠢᠷᠠᠭᠤᠯᠤᠨ᠎ᠠ᠃ ᠨᠠᠷᠢᠯᠢᠭ ᠪᠤᠷᠳᠤᠭ᠎ᠠ ᠪᠠᠷ ᠲᠠᠵᠢᠭᠡᠬᠦ ᠳᠡᠭᠡᠨ ᠵᠠᠪᠠᠯ  ᠵᠥᠭᠡᠯᠠᠨ ᠬᠠᠳᠠᠭᠤ ᠶᠢ ᠵᠤᠭᠢᠰᠳᠠᠢ ᠲᠠᠩᠴᠠᠬᠦᠯᠤᠨ᠎ᠠ᠃ ᠵᠢᠱᠢᠶᠠᠯᠠᠪᠠᠯ᠂ ᠡᠷᠳᠠᠨᠢ ᠰᠢᠰᠢ᠂ ᠰᠢᠷ᠎ᠠ ᠪᠤᠷᠴᠠᠭ ᠵᠠᠷᠭᠡ  ᠬᠠᠳᠠᠭᠤ ᠪᠤᠷᠳᠤᠭ᠎ᠠ ᠪᠤᠯᠤᠨ ᠪᠤᠭᠤᠳᠠᠢ ᠶᠢᠨ ᠠᠭ᠎ᠠ᠂ ᠨᠤᠨᠳᠠᠭ ᠪᠤᠷᠳᠤᠭ᠎ᠠ ᠵᠠᠷᠭᠡ ᠵᠥᠭᠡᠯᠠᠨ ᠪᠤᠷᠳᠤᠭ᠎ᠠ ᠪᠠᠷ  ᠲᠠᠵᠢᠭᠡᠬᠦ ᠳᠡᠭᠡᠨ ᠰᠠᠶᠢᠳᠤᠷ ᠬᠤᠯᠢᠵᠤ ᠤᠷᠢᠳᠠᠪᠠᠷ ᠡᠪᠠᠰᠤ ᠥᠭᠴᠤ ᠲᠠᠵᠢᠭᠡᠨ᠂ ᠬᠠᠭᠠᠰ ᠴᠠᠳᠬᠤ ᠥᠶ᠎ᠠ ᠳᠤ ᠪᠠᠭ᠎ᠠ  ᠪᠤᠷᠳᠤᠭ᠎ᠠ ᠨᠠᠮᠠᠵᠤ᠂ ᠢᠳᠠᠵᠤ ᠲᠠᠭᠤᠰᠬᠤ ᠥᠶ᠎ᠠ ᠳᠤ ᠢᠯᠠᠬᠦᠭᠡᠨ ᠪᠤᠷᠳᠤᠭ᠎ᠠ ᠥᠭᠬᠦ ᠶᠢᠨ ᠲᠠᠭᠠᠤ ᠥᠨᠤᠷ ᠲᠠᠢ  ᠪᠤᠷᠳᠤᠭ᠎ᠠ ᠶᠢ ᠨᠠᠮᠠᠨ᠎ᠠ᠃      4. ᠰᠢᠭᠡᠰᠦᠯᠢᠭ ᠡᠳ᠋ ᠨᠠᠮᠠᠵᠤ ᠲᠠᠵᠢᠭᠡᠨ᠎ᠠ᠃ ᠰᠢᠭᠡᠰᠦᠯᠢᠭ ᠡᠳ᠋ ᠪᠤᠯ ᠤᠭᠤᠷᠠᠭ ᠨᠥᠬᠦᠪᠤᠷᠢᠯᠠᠬᠦ ᠴᠢᠬᠤᠯᠨ  ᠠᠷᠭ᠎ᠠ ᠪᠤᠯᠬᠤ ᠶᠤᠮ᠃ 6 ᠰᠠᠷ᠎ᠠ ᠶᠢᠨ ᠨᠠᠰᠤ ᠠᠴᠠ ᠲᠠᠭᠡᠭᠰᠢᠭᠢ ᠲᠤᠭᠤᠯ ᠳᠤ 40~60 ᠭᠷᠠᠮ ᠥᠭᠴᠤ  ᠲᠠᠵᠢᠭᠡᠵᠤ᠂ ᠪᠤᠷᠳᠤᠨ ᠲᠠᠷᠭᠤᠯᠠᠭᠤᠯᠬᠤ ᠥᠭᠡᠷ ᠲᠤ 70~100 ᠭᠷᠠᠮ᠂ ᠨᠠᠰᠤᠨ ᠳᠤ ᠬᠥᠷᠥᠭᠰᠠᠨ ᠥᠨᠢᠶ᠎ᠠ ᠳᠤ  ᠡᠳᠤᠷ ᠪᠥᠷᠢ 150 ᠭᠷᠠᠮ ᠥᠭᠴᠤ ᠲᠠᠵᠢᠭᠡᠪᠠᠯ ᠰᠠᠶᠢᠨ᠃ ᠰᠢᠭᠡᠰᠦᠯᠢᠭ ᠡᠳ᠋ ᠤᠨ ᠠᠮᠳᠠ ᠮᠠᠭᠤ ᠪᠠᠶᠢᠳᠠᠭ ᠠᠴᠠ  1% ᠪᠠᠷ ᠨᠠᠷᠢᠯᠢᠭ ᠪᠤᠷᠳᠤᠭ᠎ᠠ ᠲᠠᠢ ᠬᠤᠯᠢᠵᠤ ᠲᠠᠵᠢᠭᠡᠨ᠎ᠠ᠂ ᠲᠠᠵᠢᠭᠡᠭᠰᠠᠨ ᠤ ᠲᠠᠷᠠᠭ᠎ᠠ ᠬᠠᠭᠠᠰ ᠴᠠᠭ ᠤᠨ ᠲᠤᠳᠤᠷ᠎ᠠ  ᠤᠰᠤᠯᠠᠵᠤ ᠪᠤᠯᠬᠤ ᠥᠭᠡᠢ᠃  ᠡᠳᠤᠷ ᠪᠥᠷᠢ 13~15 ᠺᠢᠯᠥᠭᠷᠠᠮ ᠡᠪᠠᠰᠤ ᠥᠭᠴᠤ ᠲᠠᠵᠢᠭᠡᠨ᠎ᠠ᠃     5. ᠪᠥᠯᠢᠶᠠᠨ  ᠤᠰᠤ ᠪᠷ ᠤᠰᠤᠯᠠᠪᠠᠯ ᠰᠠᠶᠢᠨ᠃ ᠡᠪᠤᠯ ᠴᠠᠭ ᠲᠤ ᠥᠭᠡᠷ ᠢ ᠬᠥᠢᠳᠠᠨ ᠤᠰᠤ ᠪᠠᠷ  ᠤᠰᠤᠯᠠᠵᠤ ᠪᠤᠯᠬᠤ ᠥᠭᠡᠢ᠃ 15~25 ᠭᠷᠠᠳᠦ᠋ᠰ ᠤᠨ ᠪᠥᠯᠢᠶᠠᠨ ᠤᠰᠤ ᠪᠠᠷ ᠤᠰᠤᠯᠠᠬᠤ ᠶᠢᠨ ᠲᠠᠭᠠᠤ ᠪᠥᠯᠢᠶᠠᠨ  ᠤᠰᠤᠨ ᠳᠠᠭᠠᠨ ᠲᠠᠪᠤᠰᠤ ᠨᠠᠮᠠᠪᠠᠯ ᠰᠠᠶᠢᠨ᠂ ᠲᠠᠪᠤᠰᠤ ᠨᠠᠮᠠᠬᠦ ᠭᠡᠮᠵᠢᠶ᠎ᠠ ᠶᠢ ᠡᠳᠤᠷ ᠲᠤ 150 ᠭᠷᠠᠮ ᠪᠤᠯᠪᠠᠯ  ᠪᠤᠯᠴᠢᠬᠠᠨ᠎ᠠ᠃ ᠪᠥᠯᠢᠶᠠᠨ ᠤᠰᠤ ᠪᠠᠷ ᠤᠰᠤᠯᠠᠪᠠᠯ ᠬᠠᠯᠠᠭᠤᠨ ᠢ ᠪᠠᠭᠤᠷᠠᠭᠤᠯᠵᠤ᠂ ᠥᠷᠪᠢᠰᠤᠯ ᠢ ᠲᠠᠷᠤᠬᠤ᠂  ᠢᠳᠠᠭᠡᠨ ᠤ ᠲᠤᠷᠠᠰᠢᠯ ᠢ ᠨᠠᠮᠡᠭᠳᠠᠬᠦᠯᠵᠤ᠂ ᠲᠠᠷᠭᠤ ᠠᠪᠬᠤ ᠳᠤ ᠰᠠᠶᠢᠨ ᠶᠤᠮ᠃          ᠡᠬᠦᠨ ᠠᠴᠠ ᠭᠠᠳᠠᠨ᠎ᠠ᠂ ᠡᠷᠠᠬᠦᠯ ᠬᠠᠮᠠᠭᠠᠯᠠᠯ ᠢ ᠰᠠᠶᠢᠳᠤᠷ ᠭᠢᠵᠤ᠂ ᠥᠭᠡᠷ ᠤᠨ ᠬᠠᠰᠢᠶ᠎ᠠ ᠬᠤᠷᠤᠭ᠎ᠠ ᠶᠢ  ᠥᠷᠬᠦᠯᠵᠢ ᠴᠠᠪᠠᠷᠯᠠᠵᠤ᠂ ᠬᠠᠭᠤᠷᠠᠢ ᠰᠢᠷᠤᠢ ᠲᠠᠪᠢᠰᠴᠤ᠂ ᠡᠳᠤᠷ ᠪᠥᠷᠢ ᠶᠢᠨ ᠥᠳᠠ ᠳᠤ ᠥᠭᠡᠷ ᠢ ᠨᠠᠷᠠᠨ ᠳᠤ  ᠡᠭᠡᠭᠡᠵᠤ᠂ ᠪᠠᠶ᠎ᠠ ᠶᠢ ᠨᠢ ᠲᠠᠮᠤᠷ ᠱᠤᠸᠠᠰᠨ ᠪᠠᠷ ᠱᠤᠸᠠᠰᠠᠳᠠᠵᠤ᠂ ᠴᠢᠰᠤᠨ ᠤ ᠡᠷᠭᠢᠯᠳᠠ ᠶᠢ ᠠᠭᠢᠭᠤᠯᠤᠨ᠎ᠠ᠃  
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号