| | ᠮᠣᠩᠭᠤᠯᠴᠣᠳ ᠣᠰᠣᠨ ᠤ ᠲᠣᠩᠭᠠᠯᠬ ᠡᠪᠡᠰᠦᠨ ᠤ ᠰᠣᠷᠭᠤᠭ ᠢ ᠰᠣᠩᠭᠤᠨ ᠨᠡᠬᠦᠳᠠᠯᠯᠡᠬᠦ ᠦᠶᠡᠰ ᠮᠠᠯ | ᠰᠦᠷᠦᠭ ᠢᠶᠠᠨ ᠡᠳᠦᠷ ᠲᠣᠳᠣᠮ ᠤᠨ ᠴᠠᠭ ᠤᠯᠠᠷᠢᠯ ᠤᠨ ᠪᠠᠶᠢᠳᠠᠯ ᠳᠤ ᠵᠣᠬᠢᠴᠠᠭᠤᠯᠣᠨ ᠣᠨᠳᠣᠷᠣᠭᠤᠯᠳᠠᠭ ᠪᠠᠶᠢᠭᠰᠠᠨ | ᠃ ᠤᠳᠤ ᠦᠪᠤᠷ ᠮᠤᠩᠭᠤᠯᠴᠤᠳ ᠪᠠᠷᠤᠭᠯᠠ ᠴᠦᠮ ᠰᠠᠭᠤᠷᠢᠰᠢᠨ ᠮᠠᠯᠵᠢᠬᠤ ᠪᠤᠯᠤᠭᠰᠠᠨ ᠪᠤᠯᠪᠠᠴᠦ ᠴᠠᠭ ᠤᠯᠠᠷᠢᠯ ᠢ | ᠶᠡᠬᠡᠳᠠ ᠠᠩᠬᠠᠷᠴᠦ᠂ ᠮᠦᠨᠬᠦ ᠴᠠᠭ ᠤᠯᠠᠷᠢᠯ ᠤᠨ ᠪᠠᠶᠢᠳᠠᠯ ᠳᠤ ᠵᠣᠬᠢᠴᠠᠭᠤᠯᠣᠨ ᠮᠠᠯ ᠤᠨᠤᠭ᠎ᠠ ᠪᠠᠨ ᠠᠷᠠᠴᠢᠯᠠᠨ | ᠲᠤᠳᠤᠮᠳᠠᠵᠤ ᠪᠠᠶᠢᠨ᠎ᠠ᠃ | ᠨᠢᠬᠡ᠂ ᠬᠠᠪᠣᠷ ᠤᠨ ᠠᠭᠤᠷ ᠣᠷᠣᠬᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ | ᠠᠷᠭ᠎ᠠ ᠶᠢᠨ ᠤᠯᠠᠷᠢᠯ ᠤᠨ ᠬᠤᠶᠠᠳᠤᠭᠠᠷ ᠰᠠᠷ᠎ᠠ ᠶᠢᠨ 3᠂ 4 ᠪᠤᠶᠤ 5 ᠤ ᠡᠳᠤᠷ ᠲᠤ ᠬᠠᠪᠤᠷ ᠤᠨ ᠤᠷᠤᠵᠤ | ᠂ ᠡᠳᠦᠷ ᠣᠷᠳᠣᠰᠤᠨ ᠨᠡᠷ᠎ᠠ ᠡᠬᠡᠪᠦᠷᠯᠡᠵᠤ ᠡᠬᠢᠯᠡᠨ᠎ᠠ᠃ ᠡᠪᠦᠯ ᠤᠨ ᠦᠶ᠎ᠡ ᠠᠴᠠ ᠲᠣᠯᠠᠭᠠᠷᠠᠬᠤ ᠪᠣᠯᠪᠠᠴᠤ ᠦᠶ᠎ᠡ | ᠦᠶ᠎ᠡ ᠬᠦᠢᠳᠡᠷᠡᠵᠦ᠂ ᠵᠠᠷᠢᠮ ᠳᠠᠭᠠᠨ ᠪᠠᠰᠠ ᠴᠠᠰᠣᠨ ᠰᠢᠭᠤᠷᠭ᠎ᠠ ᠪᠤᠶᠤ ᠡᠯᠡᠰᠤᠨ ᠰᠢᠭᠤᠷᠳᠠᠭ᠃ ᠰᠠᠯᠬᠢᠨ ᠤ | ᠬᠤᠷᠳᠣ ᠶᠡᠬᠡᠰᠤᠬᠡᠳ ᠵᠢᠯ ᠤᠨ ᠬᠠᠮᠤᠭ ᠤᠨ ᠶᠡᠭᠡ ᠬᠡᠮᠵᠢᠶᠠᠨ ᠳᠤ ᠬᠦᠷᠴᠦ᠂ ᠭᠤᠣ ᠵᠢᠯᠠᠭ᠎ᠠ ᠪᠤᠯᠤᠨ ᠡᠬᠡᠪᠦᠷ | ᠭᠠᠵᠠᠷ ᠲᠤ ᠨᠣᠭᠤᠭ᠎ᠠ ᠴᠣᠬᠤᠢᠢᠨᠠ᠃ ᠬᠠᠪᠤᠷ ᠤᠨ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ | ᠭᠤᠤᠯ ᠠᠵᠢᠯ ᠪᠤᠯ ᠮᠠᠯ ᠰᠦᠷᠦᠭ ᠢ ᠬᠠᠪᠣᠷ ᠤᠨ ᠬᠠᠪᠰᠠᠷᠭ᠎ᠠ ᠪᠤᠯᠤᠨ ᠰᠠᠯᠬᠢ ᠰᠢᠭᠤᠷᠭ᠎ᠠ ᠠᠴᠠ ᠬᠠᠮᠠᠭᠠᠯᠠᠵᠦ᠂ | ᠠᠯᠢ ᠴᠢᠳᠠᠬᠤ ᠪᠠᠷ ᠲᠠᠷᠭᠤ ᠬᠦᠴᠦ ᠶᠢ ᠨᠢ ᠪᠠᠭᠤᠷᠠᠭᠤᠯᠬᠤ ᠦᠬᠡᠢ ᠪᠠᠷ ᠨᠣᠭᠤᠭᠠᠨ ᠳᠤ ᠵᠠᠯᠭᠠᠭᠤᠯᠬᠤ ᠶᠠᠪᠣᠳᠠᠯ | ᠶᠣᠮ᠃ ᠢᠩᠬᠡ ᠨᠡᠶᠢᠯᠡᠬᠦᠯᠬᠦ᠂ ᠪᠣᠭ ᠪᠣᠳᠠ ᠮᠠᠯ ᠤᠨ ᠲᠦᠯ ᠲᠤᠰᠴᠦ ᠪᠤᠶᠢᠵᠢᠭᠤᠯᠬᠤ᠂ ᠢᠮᠠᠭᠠᠨ ᠤ ᠨᠣᠣᠯᠣᠷ | ᠰᠠᠮᠨᠠᠬᠤ᠂ ᠪᠣᠳᠠ ᠶᠢᠨ ᠬᠦᠬᠡᠪᠦᠷ ᠪᠠ ᠬᠢᠯᠭᠠᠰᠣ ᠠᠪᠬᠤ ᠮᠡᠳᠤ ᠶᠢᠨ ᠠᠵᠢᠯ ᠵᠠᠯᠭᠠᠪᠡᠷ ᠶᠠᠪᠤᠭᠳᠠᠬᠤ ᠪᠤᠯᠤᠨ᠎ᠠ᠃ | ᠬᠤᠶᠡᠷ᠂ ᠵᠣᠨ ᠤ ᠠᠭᠤᠷ ᠣᠷᠣᠬᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ | ᠠᠷᠭ᠎ᠠ ᠶᠢᠨ ᠤᠯᠠᠷᠢᠯ ᠤᠨ ᠲᠠᠪᠤᠳᠤᠭᠠᠷ ᠰᠠᠷ᠎ᠠ ᠶᠢᠨ 5᠂ 6 ᠪᠤᠶᠤ 7 ᠤ ᠡᠳᠤᠷ ᠲᠤ ᠵᠤᠨ ᠤ ᠠᠭᠤᠷ | ᠤᠷᠤᠵᠤ᠂ ᠡᠳᠤᠷ ᠲᠤᠯᠠᠭᠠᠷᠠᠵᠤ ᠡᠬᠢᠯᠡᠳᠡᠭ᠃ ᠡᠬᠢᠨ ᠤ ᠦᠶ᠎ᠡ ᠳᠤ ᠰᠠᠯᠬᠢᠨ ᠤ ᠬᠤᠷᠳᠣ ᠨᠡᠯᠢᠶᠡᠳ ᠶᠡᠭᠡ᠂ | ᠵᠠᠷᠢᠮ ᠳᠠᠭᠠᠨ ᠪᠠᠰᠠ ᠴᠠᠰᠣᠨ ᠰᠢᠭᠤᠷᠭ᠎ᠠ ᠪᠤᠶᠤ ᠡᠯᠡᠰᠤᠨ ᠰᠢᠭᠤᠷᠭ᠎ᠠ ᠰᠢᠭᠤᠷᠬᠤ ᠪᠤᠯᠪᠠᠴᠦ ᠰᠡᠬᠦᠯ ᠤᠨ | ᠦᠶ᠎ᠡ ᠳᠡᠭᠡᠨ ᠪᠣᠷᠤᠭ᠎ᠠ ᠤᠷᠤᠵᠤ᠂ ᠵᠠᠷᠢᠮ ᠦᠶ᠎ᠡ ᠳᠤ ᠪᠣᠷᠤᠭ᠎ᠠ ᠴᠠᠰᠣ ᠬᠤᠯᠢᠯᠳᠣᠨ ᠣᠷᠣᠭᠠᠳ ᠦᠶ᠎ᠡ ᠦᠶ᠎ᠡ | ᠬᠦᠢᠳᠡᠷᠡᠨ᠎ᠠ᠃ ᠭᠤᠣᠯ ᠤᠨ ᠮᠦᠰᠦ ᠪᠦᠷᠢᠮᠦᠰᠤᠨ ᠬᠠᠶᠢᠯᠵᠤ᠂ ᠨᠣᠭᠤᠭ᠎ᠠ ᠭᠠᠷᠣᠨ᠎ᠠ᠃ ᠵᠤᠨ ᠤ ᠠᠭᠤᠷ | ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠣᠯ ᠠᠵᠢᠯ ᠪᠤᠯ ᠮᠠᠯ ᠤᠨᠤᠭ᠎ᠠ ᠪᠠᠨ ᠨᠣᠭᠤᠭᠠᠨ ᠳᠤ | ᠰᠠᠶᠢᠨ ᠴᠠᠳᠬᠤᠭᠠᠵᠦ᠂ ᠪᠣᠭ ᠮᠠᠯ ᠳᠤ ᠡᠯᠢᠬᠡᠨ ᠲᠠᠷᠭᠤ ᠠᠪᠣᠭᠤᠯᠤᠨ ᠪᠣᠳᠠ ᠮᠠᠯ ᠢ ᠲᠡᠩᠬᠡᠷᠡᠬᠦᠯᠵᠦ ᠲᠡᠪᠡᠭᠡᠷᠡᠬᠦᠯᠬᠦ | ᠶᠠᠪᠣᠳᠠᠯ ᠶᠣᠮ᠃ ᠪᠣᠳᠠ ᠪᠣᠭ ᠮᠠᠯ ᠤᠨ ᠲᠦᠯ ᠪᠤᠶᠢᠵᠢᠭᠤᠯᠬᠤ ᠠᠵᠢᠯ ᠢᠶᠠᠨ ᠦᠷᠬᠦᠯᠵᠢᠯᠡᠬᠦᠯᠬᠦ᠂ ᠦᠨᠢᠶ᠎ᠡ ᠪᠤᠯᠤᠨ | ᠬᠡᠬᠦᠦ ᠪᠠᠨ ᠬᠡᠬᠡᠯᠳᠦᠬᠦᠯᠬᠦ᠂ ᠲᠡᠮᠡᠭᠡ ᠪᠤᠯᠤᠨ ᠬᠤᠨᠢ ᠨᠣᠣᠰᠣᠯᠠᠬᠤ᠂ ᠰᠦ ᠰᠠᠭᠠᠯᠢ ᠠᠪᠬᠤ ᠵᠡᠷᠭᠡ ᠠᠵᠢᠯ ᠤᠳ | ᠶᠠᠪᠤᠭᠳᠠᠬᠤ ᠪᠤᠯᠤᠨ᠎ᠠ᠃ | ᠭᠤᠷᠪᠡ᠂ ᠵᠤᠨ ᠤ ᠲᠦᠢᠯ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ | ᠠᠷᠭ᠎ᠠ ᠶᠢᠨ ᠤᠯᠠᠷᠢᠯ ᠤᠨ ᠵᠢᠷᠭᠤᠳᠤᠭᠠᠷ ᠰᠠᠷ᠎ᠠ ᠶᠢᠨ 21 ᠪᠤᠶᠤ 22 ᠤᠨ ᠡᠳᠤᠷ ᠲᠤ ᠵᠤᠨ ᠤ ᠲᠦᠢᠯ | ᠤᠷᠤᠵᠤ᠂ ᠲᠣᠭᠳᠠᠪᠣᠷᠢ ᠲᠠᠢ ᠲᠣᠯᠠᠭᠠᠷᠠᠨ᠂ ᠵᠠᠷᠢᠮ ᠦᠶ᠎ᠡ ᠳᠤ ᠶᠡᠭᠡ ᠬᠠᠯᠠᠭᠤᠨ ᠪᠣᠯᠣᠨ᠎ᠠ᠃ ᠬᠠᠶᠠ ᠪᠠᠰᠠ | ᠬᠦᠢᠳᠡᠨ ᠪᠣᠷᠤᠭ᠎ᠠ ᠪᠤᠶᠤ ᠠᠶᠤᠩᠭ᠎ᠠ ᠨᠢᠵᠢᠬᠢᠨᠡᠨ ᠮᠦᠨᠳᠦᠷ ᠤᠷᠤᠳᠠᠭ᠃ ᠪᠡᠯᠴᠢᠬᠡᠷ ᠡᠪᠡᠰᠤ ᠢᠳᠡᠷᠡᠬᠦᠨ | ᠤᠷᠭᠤᠯᠳᠠ ᠳᠠᠭᠠᠨ ᠤᠷᠤᠨ᠎ᠠ᠃ ᠵᠤᠨ ᠤ ᠲᠦᠢᠯ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠤᠯ | ᠠᠵᠢᠯ ᠪᠤᠯ ᠡᠷ᠎ᠡ ᠰᠣᠪᠠᠢ ᠮᠠᠯ ᠢ ᠣᠳᠣᠷ ᠲᠤ ᠭᠠᠷᠭᠠᠵᠦ᠂ ᠰᠠᠭᠠᠯᠢ ᠶᠢᠨ ᠮᠠᠯ ᠢ ᠪᠣᠭᠤᠨᠢ ᠬᠤᠭᠤᠴᠠᠭᠠᠨ ᠳᠤ | ᠪᠡᠯᠴᠢᠬᠡᠷ ᠰᠡᠯᠬᠦᠨ ᠮᠢᠬᠠᠨ ᠲᠠᠷᠭᠤ ᠠᠪᠣᠭᠤᠯᠬᠤ ᠶᠠᠪᠣᠳᠠᠯ ᠶᠣᠮ᠃ ᠦᠨᠢᠶ᠎ᠠ ᠪᠤᠯᠤᠨ ᠬᠡᠬᠦᠦ ᠶᠢᠨ ᠬᠡᠬᠡᠯᠳᠦᠬᠦᠯᠬᠡ ᠶᠢ | ᠦᠷᠬᠦᠯᠵᠢᠯᠡᠨ ᠶᠠᠪᠣᠭᠤᠯᠬᠤ᠂ ᠰᠦ ᠰᠠᠭᠠᠯᠢ ᠶᠢ ᠠᠰᠢᠬᠯᠠᠬᠤ᠂ ᠲᠣᠭᠤᠯ ᠮᠢᠬᠠᠯᠠᠭᠤᠯᠬᠤ᠂ ᠬᠤᠷᠠᠭ᠎ᠠ | ᠨᠣᠣᠰᠣᠯᠠᠬᠤ᠂ ᠬᠤᠷᠠᠭ᠎ᠠ ᠢᠰᠢᠬᠡ ᠶᠢ ᠡᠬᠡ ᠠᠴᠠ ᠨᠢ ᠢᠯᠭᠠᠨ ᠪᠡᠯᠴᠢᠬᠡᠷ ᠲᠤ ᠭᠠᠷᠭᠠᠭᠠᠳ ᠲᠠᠷᠭᠤ ᠬᠦᠴᠦ | ᠠᠪᠣᠭᠤᠯᠵᠦ ᠡᠬᠢᠯᠡᠬᠦ ᠵᠡᠷᠭᠡ ᠶᠢᠨ ᠠᠵᠢᠯ ᠤᠳ ᠶᠠᠪᠣᠭᠳᠠᠨ᠎ᠠ᠃ | ᠲᠦᠷᠪᠡ᠂ ᠨᠠᠮᠣᠷ ᠤᠨ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ | ᠠᠷᠭ᠎ᠠ ᠶᠢᠨ ᠤᠯᠠᠷᠢᠯ ᠤᠨ ᠨᠠᠢᠮᠠᠳᠤᠭᠠᠷ ᠰᠠᠷ᠎ᠠ ᠶᠢᠨ 7᠂ 8 ᠪᠤᠶᠤ 9 ᠤ ᠡᠳᠤᠷ ᠲᠤ ᠨᠠᠮᠤᠷ ᠤᠨ ᠠᠭᠤᠷ | ᠤᠷᠤᠵᠤ᠂ ᠡᠳᠦᠷ ᠪᠣᠭᠤᠨᠢᠰᠴᠤ ᠰᠡᠷᠢᠬᠦᠰᠢᠨᠠ᠃ ᠬᠢᠷᠠᠭᠤ ᠤᠨᠠᠵᠤ᠂ ᠪᠤᠷᠤᠭᠠᠨ ᠬᠤᠷ᠎ᠠ ᠲᠠᠳᠠᠷᠠᠨᠠ᠃ ᠰᠠᠯᠬᠢᠨ ᠤ | ᠬᠤᠷᠳᠣ ᠵᠣᠨ ᠤ ᠦᠶ᠎ᠡ ᠠᠴᠠ ᠶᠡᠬᠡᠳᠦᠨᠠ᠃ ᠵᠠᠷᠢᠮ ᠦᠶ᠎ᠡ ᠳᠤ ᠬᠦᠢᠳᠡᠷᠡᠨ ᠴᠠᠰᠣᠨ ᠰᠢᠭᠤᠷᠭ᠎ᠠ ᠪᠤᠯᠵᠤ ᠴᠠᠰᠣᠨ | ᠪᠦᠷᠬᠦᠬᠦᠯ ᠲᠣᠭᠳᠠᠨ᠂ ᠭᠤᠣᠯ ᠣᠰᠣ ᠬᠦᠯᠳᠡᠵᠦ ᠡᠬᠢᠯᠡᠨ᠎ᠠ᠃ ᠨᠣᠭᠤᠭ᠎ᠠ ᠭᠠᠩᠳᠠᠵᠦ ᠬᠠᠳᠠᠨ᠎ᠠ᠃ ᠨᠠᠮᠤᠷ ᠤᠨ | ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ ᠶᠢᠨ ᠭᠤᠣᠯ ᠠᠵᠢᠯ ᠪᠤᠯ ᠮᠠᠯ ᠤᠨᠤᠭ᠎ᠠ ᠳᠠᠭᠠᠨ ᠦᠬᠡᠬᠦᠨ | ᠲᠠᠷᠭᠤ ᠠᠪᠣᠭᠤᠯᠬᠤ ᠶᠠᠪᠣᠳᠠᠯ ᠶᠣᠮ᠃ ᠪᠠᠰᠠ ᠪᠣᠭ ᠮᠠᠯ ᠢᠶᠠᠨ ᠬᠡᠬᠡᠯᠳᠦᠬᠦᠯᠬᠦ᠂ ᠢᠩᠬᠡ ᠪᠤᠯᠤᠨ ᠬᠡᠬᠦᠦ ᠶᠢᠨ ᠰᠦ | ᠰᠠᠭᠠᠯᠢ ᠰᠦ ᠶᠢ ᠠᠰᠢᠬᠯᠠᠬᠤ ᠵᠡᠷᠭᠡ ᠠᠵᠢᠯ ᠶᠠᠪᠣᠭᠳᠠᠳᠠᠭ᠃ | ᠲᠠᠪᠤ᠂ ᠡᠪᠦᠯ ᠤᠨ ᠠᠭᠤᠷ ᠣᠷᠣᠬᠰᠠᠨ ᠤ ᠲᠠᠷᠠᠭᠠᠬᠢ ᠠᠷᠠᠴᠢᠯᠠᠭ᠎ᠠ ᠮᠠᠯᠯᠠᠭ᠎ᠠ | ᠠᠷᠭ᠎ᠠ ᠶᠢᠨ ᠤᠯᠠᠷᠢᠯ ᠤᠨ ᠠᠷᠪᠠᠨ ᠨᠢᠬᠡᠳᠤᠬᠡᠷ ᠰᠠᠷ᠎ᠠ ᠶᠢᠨ 7 ᠪᠤᠶᠤ 8 ᠤ ᠡᠳᠤᠷ ᠲᠤ ᠡᠪᠤᠯ ᠤᠨ ᠠᠭᠤᠷ | ᠤᠷᠤᠵᠤ᠂ ᠡᠳᠤᠷ ᠬᠦᠢᠳᠡᠷᠡᠨ ᠰᠠᠯᠬᠢᠨ ᠤ ᠬᠤᠷᠳᠣ ᠪᠠᠭᠠᠰᠴᠤ ᠢᠷᠡᠬᠦ ᠪᠣᠯᠪᠠᠴᠤ ᠦᠶ᠎ᠡ ᠦᠶ᠎ᠡ ᠴᠠᠰᠣᠨ | ᠰᠢᠭᠤᠷᠭ᠎ᠠ ᠰᠢᠭᠤᠷᠤᠨ᠎ᠠ᠃ ᠴᠠᠰᠣ ᠣᠷᠣᠵᠦ ᠲᠣᠭᠳᠠᠪᠣᠷᠢ ᠲᠠᠢ ᠴᠠᠰᠣᠨ ᠪᠦᠷᠬᠦᠬᠦᠯ ᠲᠤᠭᠳᠠᠵᠤ᠂ ᠭᠤᠣᠯ ᠤᠨ | ᠣᠰᠣ ᠬᠦᠯᠳᠡᠨᠠ᠃ ᠡᠪᠡᠰᠦ ᠨᠣᠭᠤᠭ᠎ᠠ ᠬᠠᠭᠳᠠᠷᠠᠨᠠ᠃ ᠡᠪᠤᠯ ᠤᠨ ᠠᠭᠤᠷ ᠤᠷᠤᠭᠰᠠᠨ ᠤ ᠲᠠᠷᠠᠭᠠᠬᠢ ᠠᠷᠠᠴᠢᠯᠠᠭ᠎ᠠ | ᠮᠠᠯᠯᠠᠭ᠎ᠠ ᠶᠢᠨ ᠭᠤᠣᠯ ᠠᠵᠢᠯ ᠪᠤᠯ ᠮᠠᠯ ᠤᠨ ᠲᠠᠷᠭᠤ ᠬᠦᠴᠦ ᠶᠢ ᠬᠠᠮᠠᠭᠠᠯᠠᠵᠤ ᠮᠡᠨᠳᠤ ᠡᠪᠦᠯᠵᠢᠬᠦᠯᠬᠦ ᠶᠠᠪᠤᠳᠠᠯ ᠶᠤᠮ | ᠃ | |