| | ᠪᠤᠭᠤᠮ᠎ᠠ ᠡᠪᠠᠳᠴᠢᠨ ︵炭疽︶ ᠪᠤᠯ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠠᠴᠠ ᠡᠬᠦᠰᠤᠭ᠍ᠰᠠᠨ ᠬᠥᠮᠤᠨ | ᠠᠮᠢᠳᠠᠨ ᠳᠤ ᠵᠠᠷᠭᠡᠪᠠᠷ ᠬᠠᠯᠳᠠᠪᠤᠷᠢᠯᠠᠳᠠᠭ ᠴᠤᠴᠢᠮᠠᠭ ᠬᠠᠯᠠᠭᠤᠷᠠᠯ ᠤᠨ ᠴᠢᠨᠠᠷᠳᠠᠢ ᠴᠢᠰᠤ ᠥᠵᠢᠷᠠᠬᠦ ᠡᠪᠠᠳᠴᠢᠨ ᠮᠥᠨ | ᠃ ︽ᠪᠥᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠠᠮᠢᠳᠠᠨ ᠤ ᠭᠢᠵᠢᠭ ᠢ ᠰᠠᠷᠭᠡᠶᠢᠯᠠᠬᠦ ᠬᠠᠤᠯᠢ︾ ᠳᠤ | ᠪᠤᠭᠤᠮ᠎ᠠ ᠡᠪᠠᠳᠴᠢᠨ ᠢ ᠬᠤᠶᠠᠳᠤᠭᠠᠷ ᠲᠥᠷᠤᠯ ᠤᠨ ᠠᠮᠢᠳᠠᠨ ᠤ ᠭᠢᠵᠢᠭ ᠲᠤ ᠬᠤᠪᠢᠶᠠᠷᠢᠯᠠᠪᠠ᠃ ᠤᠶᠢᠷ᠎ᠠ ᠶᠢᠨ | ᠭᠡᠳᠤᠨ ᠵᠢᠯ ᠳᠤ ᠮᠠᠨ ᠤ ᠤᠷᠤᠨ ᠤ ᠭᠡᠰᠡᠭ ᠭᠠᠵᠠᠷ ᠲᠤ ᠭᠡᠨᠠᠳᠳᠠ ᠶᠢᠨ ᠴᠢᠨᠠᠷᠳᠠᠢ ᠡᠬᠦᠰᠴᠤ᠂ ᠲᠠᠷᠠᠴᠢᠯᠠᠨ ᠵᠠᠷᠢᠮ | ᠬᠥᠮᠤᠰ ᠪᠤᠯᠭᠤᠮᠵᠢ ᠥᠭᠡᠢ ᠪᠠᠷ ᠪᠤᠭᠤᠮ᠎ᠠ ᠡᠪᠠᠳᠴᠢᠨ ᠢᠶᠠᠷ ᠥᠬᠦᠭᠰᠠᠨ ᠥᠭᠡᠷ ᠤᠨ ᠮᠢᠬ᠎ᠠ ᠶᠢ ᠢᠳᠡᠭᠰᠠᠨ ᠪᠤᠶᠤ | ᠪᠤᠭᠤᠮ᠎ᠠ ᠶᠢᠨ ᠪᠠᠺᠲ᠋ᠧᠷᠢ ᠬᠥᠮᠤᠨ ᠤ ᠠᠷᠠᠰᠤ ᠮᠢᠬᠠᠨ ᠤ ᠰᠢᠷᠬᠠᠨ ᠳᠤ ᠰᠢᠭᠤᠳ ᠬᠥᠷᠤᠯᠴᠡᠭᠰᠠᠨ ᠠᠴᠠ ᠪᠤᠯᠵᠤ | ᠬᠠᠯᠳᠠᠪᠤᠷᠢᠯᠠᠭᠳᠠᠨ ᠡᠮᠨᠠᠯᠭᠡ ᠳᠤ ᠤᠷᠤᠭᠰᠠᠨ ᠶᠠᠪᠤᠳᠠᠯ ᠴᠤ ᠭᠠᠷᠪᠠ᠃ ᠡᠶᠢᠮᠤ ᠠᠴᠠ ᠬᠥᠮᠤᠨ ᠤ ᠡᠷᠠᠬᠦᠯ ᠬᠠᠮᠠᠭᠠᠯᠠᠯ | ᠤᠨ ᠬᠠᠮᠢᠶ᠎ᠠ ᠪᠥᠬᠦᠢ ᠰᠠᠯᠠᠭ᠎ᠠ ᠮᠥᠴᠢᠷ ᠠᠴᠠ ᠪᠠᠰᠨ ᠲᠤᠰ ᠬᠠᠯᠳᠠᠪᠤᠷᠢᠳᠤ ᠡᠪᠠᠳᠴᠢᠨ ᠳᠤ ᠶᠡᠭᠡ ᠠᠩᠬᠠᠷᠤᠯ | ᠲᠠᠯᠪᠢᠪᠠ᠃ | ᠨᠢᠭᠡ᠂ ᠡᠪᠠᠳᠴᠢᠨ ᠤ ᠰᠢᠯᠳᠠᠭᠠᠨ ᠪᠠ ᠰᠢᠨᠵᠢ ᠲᠠᠮᠳᠡᠭ | ᠲᠤᠰ ᠡᠪᠠᠳᠴᠢᠨ ᠭᠤᠤᠯᠳᠠᠭᠤ ᠵᠤᠨ ᠤ ᠤᠯᠠᠷᠢᠯ ︵6 — 8 ᠳ᠋ᠤᠭᠠᠷ ᠰᠠᠷ᠎ᠠ︶ ᠳᠤ ᠡᠬᠦᠰᠴᠤ᠂ ᠡᠯ᠎ᠠ | ᠨᠠᠰᠤᠨ ᠤ ᠮᠠᠯ᠂ ᠡᠯ᠎ᠠ ᠲᠥᠷᠤᠯ ᠤᠨ ᠮᠠᠯ ︵ᠭᠤᠤᠯᠳᠠᠭᠤ ᠥᠭᠡᠷ᠂ ᠠᠳᠤᠭᠤ᠂ ᠬᠤᠨᠢ ᠢᠮᠠᠭ᠎ᠠ᠂ ᠭᠠᠭ᠋ᠠᠢ ᠵᠠᠷᠭᠡ︶ | ᠳᠤ ᠪᠥᠷ ᠲᠤᠰᠳᠠᠭ᠃ ᠬᠠᠯᠳᠠᠪᠤᠷᠢᠯᠠᠯ ᠤᠨ ᠡᠭᠢ ᠪᠤᠯ ᠡᠪᠠᠳᠴᠢᠨ ᠲᠠᠢ ᠮᠠᠯ ᠮᠥᠨ᠃ ᠭᠤᠤᠯ ᠨᠢ ᠲᠠᠵᠢᠭᠡᠯ | ᠪᠤᠯᠪᠠᠰᠤᠷᠠᠭᠤᠯᠬᠤ ᠵᠠᠮ ︵ᠲᠠᠵᠢᠭᠡᠯ ᠪᠤᠷᠳᠤᠭ᠎ᠠ᠂ ᠤᠰᠤ︶᠂ ᠠᠮᠢᠰᠬᠤᠯ ᠤᠨ ᠵᠠᠮ ︵ᠬᠤᠭ ᠲᠤᠭᠤᠰᠤ︶᠂ ᠰᠢᠷᠬ᠎ᠠ | ᠪᠠ ᠰᠢᠪᠠᠵᠢ ︵ᠪᠠᠳᠠᠭᠠᠨ᠎ᠠ᠂ ᠰᠢᠮᠠᠭᠤᠯ ᠵᠠᠷᠭᠡ︶ ᠪᠠᠷ ᠲᠠᠮᠵᠢᠨ ᠬᠠᠯᠳᠠᠪᠤᠷᠢᠯᠠᠳᠠᠭ᠃ ᠪᠤᠭᠤᠮ᠎ᠠ ᠶᠢᠨ ᠰᠠᠪᠬᠠᠨᠴᠢᠷ | ᠪᠠᠺᠲ᠋ᠧᠷᠢ ᠶᠢᠨ ᠰᠫᠤᠷᠳᠤ ᠪᠠᠶ᠎ᠠ ᠨᠢ ᠭᠠᠳᠠᠨᠠᠭᠢ ᠤᠷᠴᠢᠨ ᠲᠤᠭᠤᠷᠢᠨ ᠳᠤ ᠲᠠᠰᠪᠤᠷᠢᠯᠠᠬᠦ ᠴᠢᠳᠠᠯ ᠢᠶᠠᠷ ᠲᠤᠩ ᠴᠢᠩᠭ᠎ᠠ | ᠪᠠᠶᠢᠵᠤ᠂ ᠪᠠᠺᠲ᠋ᠧᠷᠢ ᠳᠤ ᠪᠤᠵᠠᠷᠳᠠᠭᠰᠠᠨ ᠬᠥᠷᠤᠰᠤ ᠰᠢᠷᠤᠢ᠂ ᠠᠷᠠᠰᠤ ᠨᠤᠤᠰᠤ ᠪᠠ ᠭᠠᠵᠠᠷ ᠲᠤᠤᠷ᠎ᠠ ᠪᠤᠯᠠᠭᠳᠠᠭᠰᠠᠨ | ᠮᠠᠯ ᠤᠨ ᠥᠬᠦᠳᠠᠯ ᠤᠨ ᠬᠥᠷᠤᠰᠤ ᠰᠢᠷᠤᠢ ᠲᠤᠤᠷ᠎ᠠ ᠭᠡᠳᠤᠨ ᠵᠢᠯ ᠠᠴᠠ ᠭᠡᠳᠤᠨ ᠠᠷᠪᠠᠨ ᠵᠢᠯ ᠠᠮᠢᠳᠤᠷᠠᠵᠤ | ᠴᠢᠳᠠᠳᠠᠭ᠃ | ᠲᠤᠰ ᠡᠪᠠᠳᠴᠢᠨ ᠤ ᠲᠠᠯᠳᠠ ᠬᠤᠭᠤᠴᠠᠭ᠎ᠠ ᠨᠢ 1 — 5 ᠡᠳᠤᠷ ᠪᠠᠶᠢᠵᠤ ᠨᠠᠶᠢᠳᠡᠯᠢᠭ ᠰᠢᠨᠵᠢ ᠲᠠᠮᠳᠡᠭ ᠨᠢ | ᠲᠤᠤᠷᠠᠭᠢ ᠮᠠᠳᠤ ᠭᠤᠷᠪᠠᠨ ᠭᠡᠯᠪᠠᠷᠢ ᠲᠠᠢ᠃ | ᠨᠢᠭᠡ᠂ ᠬᠠᠮᠤᠭ ᠴᠤᠴᠢᠮᠠᠭ ᠭᠡᠯᠪᠠᠷᠢ ︵最急性型︶ | ᠭᠡᠨᠠᠳᠳᠠ ᠡᠪᠠᠳᠴᠢᠯᠠᠵᠤ᠂ ᠲᠠᠭᠵᠢᠨ ᠴᠠᠴᠠᠷᠠᠬᠦ ᠪᠠ ᠰᠠᠵᠢᠯᠠᠬᠤ᠂ ᠭᠡᠨᠠᠳᠳᠠ ᠪᠠᠷ ᠭᠠᠵᠠᠷ ᠲᠤ ᠤᠨᠠᠬᠤ᠂ | ᠨᠢᠳᠤᠨ ᠤ ᠬᠠᠯᠢᠰᠤᠳᠤ ᠪᠥᠷᠬᠦᠬᠦᠯ ᠨᠢ ᠬᠥᠭᠡᠷᠠᠬᠦ᠂ ᠠᠮᠢᠰᠬᠤᠯ ᠪᠠ ᠵᠢᠷᠤᠭᠡᠨ ᠯᠤᠭᠰᠢᠯᠳᠠ ᠲᠥᠷᠭᠡᠰᠬᠦ᠂ ᠲᠥᠷᠤᠯᠭᠢ | ᠰᠥᠪᠠ ᠠᠴᠠ ᠨᠢ ᠴᠢᠰᠤ ᠭᠠᠷᠬᠤ ᠵᠠᠷᠭᠡ ᠢᠯᠠᠷᠠᠯ ᠡᠬᠦᠰᠴᠤ᠂ ᠭᠡᠳᠤᠨ ᠮᠢᠨᠦ᠋ᠲ ᠠᠴᠠ ᠭᠡᠳᠤᠨ ᠴᠠᠭ ᠤᠨ ᠲᠤᠳᠤᠷ᠎ᠠ | ᠥᠬᠦᠳᠡᠭ᠃ | ᠬᠤᠶᠠᠷ᠂ ᠴᠤᠴᠢᠮᠠᠭ ᠭᠡᠯᠪᠠᠷᠢ ︵急性型︶ | ᠪᠠᠶ᠎ᠠ ᠶᠢᠨ ᠲᠤᠯᠠᠭᠠᠨ ᠨᠢ ᠲᠠᠭᠡᠭᠰᠢᠯᠠᠭᠡᠳ 41 — 42 ᠭᠷᠠᠳᠦ᠋ᠰ ᠪᠤᠯᠳᠠᠭ᠃ ᠴᠤᠭ ᠰᠥᠯᠳᠠ ᠨᠢ ᠮᠠᠭᠤ | ᠪᠤᠯᠵᠤ ᠲᠠᠵᠢᠭᠡᠯ ᠪᠤᠷᠳᠤᠭ᠎ᠠ ᠢᠳᠠᠬᠦ ᠥᠭᠡᠢ᠂ ᠰᠠᠯᠢᠰᠤᠳᠤ ᠪᠥᠷᠬᠦᠬᠦᠯ ᠨᠢ ᠬᠥᠭᠡᠷᠠᠵᠤ ᠴᠢᠰᠤ ᠭᠠᠷᠤᠨ᠎ᠠ᠃ ᠡᠭᠢᠨ | ᠳᠡᠭᠡᠨ ᠪᠠᠭᠠᠰᠤ ᠨᠢ ᠲᠠᠭᠵᠢᠷᠠᠵᠤ ᠰᠠᠬᠦᠯᠠᠷ ᠨᠢ ᠰᠢᠩᠭᠡᠨ ᠴᠢᠰᠤ ᠲᠠᠢ ᠪᠠᠭᠠᠰᠤ ᠠᠯᠳᠠᠨ᠎ᠠ᠃ ᠲᠥᠷᠤᠯᠭᠢ ᠰᠥᠪᠠ | ᠠᠴᠠ ᠨᠢ ᠴᠢᠰᠤ ᠭᠠᠷᠴᠤ ᠵᠠᠷᠢᠮ ᠳᠠᠭᠠᠨ ᠴᠢᠰᠤ ᠪᠠᠷ ᠰᠢᠭᠡᠨᠠ᠃ ᠡᠪᠠᠳᠴᠢᠨ ᠲᠠᠢ ᠮᠠᠯ 1 — 2 ᠡᠳᠤᠷ ᠲᠤ | ᠥᠬᠦᠳᠡᠭ᠃ | ᠭᠤᠷᠪᠠ᠂ ᠲᠠᠳ᠋ ᠴᠤᠴᠢᠮᠠᠭ ᠭᠡᠯᠪᠠᠷᠢ ︵亚急性︶ | ᠴᠤᠴᠢᠮᠠᠭ ᠭᠡᠯᠪᠠᠷᠢ ᠲᠠᠢ ᠠᠳᠠᠯᠢᠪᠳᠤᠷ᠂ ᠡᠭᠢᠨ ᠳᠡᠭᠡᠨ ᠬᠥᠵᠤᠬᠦᠤ᠂ ᠴᠠᠭᠡᠵᠢ᠂ ᠮᠥᠷᠤ᠂ ᠭᠡᠪᠠᠯᠢ ᠶᠢᠨ | ᠠᠷᠠᠰᠤᠨ ᠲᠤᠤᠷ᠎ᠠ᠂ ᠬᠤᠰᠭᠢᠨᠠᠭ ᠵᠠᠷᠭᠡ ᠭᠠᠵᠠᠷ ᠬᠠᠪᠤᠳᠴᠤ᠂ ᠡᠪᠠᠳᠤᠯᠳᠠ ᠲᠠᠢ᠂ ᠲᠠᠮᠳᠠᠷᠢᠬᠦ ᠳᠤ ᠬᠠᠯᠠᠭᠤᠨ | ᠪᠠᠶᠢᠵᠤ᠂ ᠰᠠᠬᠦᠯᠠᠷ ᠨᠢ ᠡᠪᠠᠳᠤᠯᠳᠠ ᠥᠭᠡᠢ ᠨᠢᠯᠴᠠᠭᠠᠢ ᠬᠥᠢᠳᠠᠨ ᠪᠤᠯᠵᠤ᠂ ᠥᠬᠦᠵᠢᠯ ᠪᠤᠯᠤᠨ ᠰᠢᠷᠬᠠᠯᠠᠭ᠎ᠠ ᠡᠬᠦᠰᠤᠨ | ᠂ ᠪᠤᠭᠤᠮ᠎ᠠ ᠶᠢᠨ ᠮᠤᠨᠳᠠᠰᠤ ︵炭疽痈︶ ᠪᠤᠯᠵᠤ 3 — 5 ᠡᠳᠤᠷ ᠲᠤ ᠥᠬᠦᠳᠡᠭ᠃ | ᠲᠤᠰ ᠡᠪᠠᠳᠴᠢᠨ ᠤ ᠥᠪᠠᠷᠮᠢᠴᠨ ᠰᠢᠨᠵᠢ ᠲᠠᠮᠳᠡᠭ᠄ | ᠥᠭᠡᠷ᠄ ᠭᠤᠤᠯᠳᠠᠭᠤ ᠴᠤᠴᠢᠮᠠᠭ ᠭᠡᠯᠪᠠᠷᠢ ᠪᠠᠷ ᠡᠬᠦᠰᠳᠡᠭ᠃ ᠲᠠᠭᠡᠷᠠᠭᠢ ᠨᠠᠶᠢᠳᠡᠯᠢᠭ ᠰᠢᠨᠵᠢ ᠲᠠᠮᠳᠡᠭ ᠠᠴᠠ | ᠭᠠᠳᠠᠨ᠎ᠠ ᠪᠠᠰᠨ ᠬᠥᠵᠡᠭᠡ ᠨᠢ ᠬᠥᠭᠡᠬᠦ᠂ ᠭᠡᠪᠠᠯᠢ ᠨᠢ ᠡᠪᠠᠳᠬᠦ᠂ ᠡᠭᠢᠨ ᠳᠡᠭᠡᠨ ᠬᠥᠭᠡᠷᠬᠦ᠂ ᠠᠶᠤᠨ ᠰᠤᠴᠢᠬᠤ᠂ | ᠠᠳᠠ ᠲᠠᠨᠳᠠ ᠮᠥᠷᠬᠦᠬᠦ᠂ ᠰᠠᠬᠦᠯᠠᠷ ᠨᠢ ᠮᠠᠭᠤᠵᠢᠷᠠᠬᠤ ᠵᠠᠷᠭᠡ ᠢᠯᠠᠷᠠᠯ ᠲᠠᠢ᠃ | ᠠᠳᠤᠭᠤ᠄ ᠭᠤᠤᠯᠳᠠᠭᠤ ᠴᠤᠴᠢᠮᠠᠭ ᠭᠡᠯᠪᠠᠷᠢ ᠪᠠ ᠲᠠᠳ᠋ ᠴᠤᠴᠢᠮᠠᠭ ᠭᠡᠯᠪᠠᠷᠢ ᠪᠠᠷ ᠡᠬᠦᠰᠤᠨ᠎ᠠ᠃ ᠲᠠᠭᠡᠷᠠᠭᠢ | ᠨᠠᠶᠢᠳᠡᠯᠢᠭ ᠰᠢᠨᠵᠢ ᠲᠠᠮᠳᠡᠭ ᠠᠴᠠ ᠭᠠᠳᠠᠨ᠎ᠠ ᠪᠠᠰᠨ ᠭᠡᠳᠠᠰᠤ ᠡᠪᠠᠳᠬᠦ᠂ ᠬᠥᠯᠤᠰᠤ ᠭᠠᠷᠬᠤ᠂ ᠠᠮᠢᠰᠬᠤᠯ ᠲᠥᠷᠭᠡᠰᠬᠦ | ᠵᠠᠷᠭᠡ ᠢᠯᠠᠷᠠᠯ ᠲᠠᠢ᠃ | ᠬᠤᠨᠢ ᠢᠮᠠᠭ᠎ᠠ᠄ ᠤᠯᠠᠩᠭᠢ ᠳᠠᠭᠠᠨ ᠬᠠᠮᠤᠭ ᠴᠤᠴᠢᠮᠠᠭ ᠭᠡᠯᠪᠠᠷᠢ ᠪᠠᠷ ᠡᠬᠦᠰᠳᠡᠭ᠃ ᠵᠠᠷᠢᠮ ᠨᠢ ᠡᠳᠤᠷ ᠨᠢ | ᠡᠷᠠᠬᠦᠯ ᠪᠠᠯᠴᠢᠵᠤ ᠪᠠᠶᠢᠭ᠎ᠠ ᠬᠤᠨᠢ ᠲᠠᠷᠠᠭ᠎ᠠ ᠨᠢ ᠡᠷᠳᠠ ᠨᠢ ᠠᠵᠢᠭᠯᠠᠬᠤ ᠳᠤ ᠬᠠᠰᠢᠶᠠᠨ ᠲᠤᠳᠤᠷ᠎ᠠ ᠪᠠᠨ ᠥᠬᠦᠭᠰᠠᠨ | ᠪᠠᠶᠢᠳᠠᠭ᠃ ᠡᠰᠠᠬᠦᠯ᠎ᠠ ᠪᠠᠯᠴᠢᠵᠤ ᠪᠠᠶᠢᠭ᠎ᠠ ᠬᠤᠨᠢᠨ ᠰᠥᠷᠤᠭ᠌ ᠠᠴᠠ ᠪᠠᠨ ᠬᠤᠴᠤᠷᠬᠤ᠂ ᠭᠡᠪᠳᠠᠬᠦ ᠪᠤᠶᠤ ᠠᠯᠬᠤᠬᠤ | ᠳᠤ ᠨᠠᠶᠢᠭᠤᠯᠵᠠᠵᠤ᠂ ᠡᠪᠠᠰᠤ ᠢᠳᠠᠬᠦ ᠲᠤᠷ᠎ᠠ ᠥᠭᠡᠢ ᠪᠠᠶᠢᠵᠤ ᠭᠡᠨᠠᠳᠳᠠ ᠪᠠᠷ ᠠᠮᠢᠰᠬᠤᠯ ᠲᠥᠷᠭᠡᠳᠴᠤ᠂ ᠬᠥᠵᠤᠬᠦᠤ | ᠪᠠᠨ ᠨᠤᠭᠤᠯᠤᠨ ᠰᠢᠳᠤ ᠬᠠᠪᠢᠷᠴᠤ ᠬᠠᠭᠠᠰ ᠴᠠᠭ ᠪᠤᠶᠤ ᠬᠤᠶᠠᠷ ᠴᠠᠭ ᠤᠨ ᠲᠤᠳᠤᠷ᠎ᠠ ᠥᠬᠦᠳᠡᠭ᠃ | ᠭᠠᠭ᠋ᠠᠢ᠄ ᠤᠯᠠᠩᠭᠢ ᠳᠠᠭᠠᠨ ᠤᠳᠠᠭᠠᠨ ᠭᠡᠯᠪᠠᠷᠢ ᠪᠠᠷ ᠲᠤᠰᠴᠤ᠂ ᠤᠳᠠᠭᠠᠨ ᠭᠡᠯᠪᠠᠷᠢ ᠶᠢᠨ ᠪᠠᠭᠠᠯᠵᠤᠤᠷ ᠤᠨ | ᠥᠷᠪᠢᠰᠤᠯ ᠤᠯᠵᠤ᠂ ᠵᠠᠷᠢᠮ ᠨᠢ ᠪᠥᠭᠯᠠᠷᠠᠵᠤ ᠥᠬᠦᠳᠡᠭ᠃ ᠴᠤᠴᠢᠮᠠᠭ ᠪᠠ ᠲᠠᠳ᠋ ᠴᠤᠴᠢᠮᠠᠭ ᠭᠡᠯᠪᠠᠷᠢ ᠪᠠᠷ ᠡᠬᠦᠰᠴᠤ | ᠥᠬᠦᠳᠡᠭ ᠴᠤ ᠪᠤᠢ᠃ | ᠬᠤᠶᠠᠷ᠂ ᠡᠮᠭᠡᠭ ᠤᠨ ᠬᠤᠪᠢᠷᠠᠯᠳᠠ | ᠪᠤᠭᠤᠮ᠎ᠠ ᠪᠠᠷ ᠥᠬᠦᠭᠰᠠᠨ ᠮᠠᠯ ᠤᠨ ᠭᠡᠬᠦᠷ᠂ ᠴᠢᠰᠤ ᠪᠠ ᠡᠷᠭᠡᠳᠠᠨ ᠲᠤᠳᠤᠷ᠎ᠠ ᠶᠡᠭᠡ ᠭᠡᠮᠵᠢᠶᠠᠨ ᠤ ᠪᠤᠭᠤᠮ᠎ᠠ | ᠶᠢᠨ ᠰᠠᠪᠬᠠᠨᠴᠢᠷ ᠪᠠᠺᠲ᠋ᠧᠷᠢ ᠬᠠᠳᠠᠭᠠᠯᠠᠭᠳᠠᠵᠤ᠂ ᠭᠡᠷᠪᠠ ᠭᠠᠳᠠᠨᠠᠭᠢ ᠤᠷᠴᠢᠨ ᠲᠤᠭᠤᠷᠢᠨ ᠲᠠᠢ ᠬᠥᠷᠤᠯᠴᠠᠪᠠᠯ | ᠠᠮᠠᠷᠬᠠᠨ ᠰᠫᠤᠷᠳᠤ ᠪᠠᠶ᠎ᠠ ᠪᠤᠯᠵᠤ ᠲᠠᠰᠪᠤᠷᠢᠯᠠᠬᠦ ᠴᠢᠳᠠᠯ ᠢᠶᠠᠷ ᠴᠢᠩᠭ᠎ᠠ ᠪᠤᠯᠤᠭᠠᠳ ᠤᠰᠠᠳᠬᠠᠬᠤ ᠳᠤ ᠭᠢᠯᠪᠠᠷ ᠪᠤᠰᠤ | ᠪᠤᠯᠳᠠᠭ᠃ ᠨᠠᠩ ᠴᠢᠬᠤᠯᠨ ᠨᠢ ᠪᠤᠰᠤᠳ ᠮᠠᠯ ᠳᠤ ᠬᠠᠯᠳᠠᠪᠤᠷᠢᠯᠠᠬᠤ ᠠᠶᠤᠯ ᠲᠠᠢ᠃ ᠡᠶᠢᠮᠤ ᠠᠴᠠ ᠪᠤᠭᠤᠮ᠎ᠠ | ᠡᠪᠠᠳᠴᠢᠨ ᠢᠶᠠᠷ ᠥᠬᠦᠭᠰᠠᠨ ᠮᠠᠯ ᠤᠨ ᠭᠡᠬᠦᠷ ᠢ ᠵᠠᠷᠴᠢᠮ ᠲᠠᠭᠡᠷ᠎ᠠ ᠪᠠᠨ ᠭᠡᠬᠦᠷ ᠵᠠᠳᠠᠯᠵᠤ ᠪᠤᠯᠬᠤ ᠥᠭᠡᠢ᠂ ᠲᠠᠷᠤᠢ | ᠲᠥᠷᠭᠡᠨ ᠤᠷᠴᠢᠨ ᠲᠤᠭᠤᠷᠢᠨ ᠢ ᠨᠢ ᠠᠷᠢᠭᠤᠳᠬᠠᠵᠤ᠂ ᠭᠡᠬᠦᠷ ᠢ ᠨᠢ ᠪᠥᠬᠦᠯᠢ ᠪᠠᠷ ᠰᠢᠳᠠᠭᠠᠬᠤ ᠪᠤᠶᠤ ᠬᠥᠨ | ᠪᠤᠯᠠᠵᠤ ᠬᠠᠶᠠᠨ᠎ᠠ᠃ | ᠡᠪᠠᠳᠴᠢᠨ ᠢᠶᠠᠷ ᠥᠬᠦᠭᠰᠠᠨ ᠮᠠᠯ ᠤᠨ ᠭᠡᠬᠦᠷ ᠨᠢ ᠲᠥᠷᠭᠡᠨ ᠢᠯᠵᠢᠷᠠᠵᠤ ᠲᠠᠯᠡᠭᠳᠠᠭᠡᠳ᠂ ᠴᠢᠰᠤ ᠨᠢ ᠡᠭᠡᠳᠠᠷᠠᠬᠦ | ᠥᠭᠡᠢ᠂ ᠠᠷᠠᠰᠤ ᠰᠠᠯᠢᠰᠤᠳᠤ ᠪᠥᠷᠬᠦᠬᠦᠯ ᠤᠨ ᠲᠤᠤᠷ᠎ᠠ ᠰᠢᠷ᠎ᠠ ᠥᠡᠭᠭᠡᠳᠠᠢ ᠴᠠᠪᠠᠤᠯᠢᠭ ᠰᠢᠩᠭᠡᠨ ᠭᠠᠷᠤᠨ᠎ᠠ᠃ | ᠲᠥᠷᠤᠯᠭᠢ ᠰᠥᠪᠠ ᠠᠴᠠ ᠨᠢ ᠴᠢᠰᠤ ᠭᠠᠷᠴᠤ ᠬᠤᠰᠭᠢᠨᠠᠭ ᠨᠢ ᠪᠤᠯᠳᠠᠶᠢᠨᠠ᠃ ᠡᠯᠢᠭᠡ᠂ ᠲᠠᠯᠢᠬᠦᠤ᠂ ᠪᠥᠭᠡᠷ᠎ᠠ᠂ | ᠠᠭᠤᠰᠭᠢ ᠨᠢ ᠲᠤᠮᠤᠷᠠᠵᠤ ᠴᠢᠰᠤ ᠭᠠᠷᠬᠤ ᠵᠠᠷᠭᠡ ᠡᠮᠭᠡᠭ ᠤᠨ ᠬᠤᠪᠢᠷᠠᠯ ᠲᠠᠢ᠃ | ᠭᠤᠷᠪᠠ᠂ ᠤᠨᠤᠰᠢᠯᠠᠨ ᠲᠤᠳᠤᠯᠠᠬᠤ | ᠲᠤᠰ ᠡᠪᠠᠳᠴᠢᠨ ᠢ ᠤᠨᠤᠰᠢᠯᠠᠨ ᠲᠤᠳᠤᠯᠠᠬᠤ ᠳᠤ ᠡᠪᠠᠳᠴᠢᠨ ᠤ ᠲᠠᠯᠭᠡᠷᠠᠬᠦ ᠵᠥᠢ᠂ ᠰᠢᠨᠵᠢ ᠲᠠᠮᠳᠡᠭ ᠪᠠ | ᠡᠮᠭᠡᠭ ᠤᠨ ᠬᠤᠪᠢᠷᠠᠯᠳᠠ ᠶᠢ ᠥᠨᠳᠤᠰᠤᠯᠠᠬᠦ ᠠᠴᠠ ᠭᠠᠳᠠᠨ᠎ᠠ ᠭᠤᠤᠯᠳᠠᠭᠤ ᠪᠠᠺᠲ᠋ᠧᠷᠢ ᠰᠠᠯᠭᠠᠬᠤ᠂ ᠴᠠᠭᠠᠷᠢᠭᠯᠠᠨ | ᠲᠤᠨᠤᠬᠤ ᠤᠷᠪᠠᠯ ︵环状沉淀反应︶ ᠵᠠᠷᠭᠡ ᠲᠤᠷᠰᠢᠯᠳᠠ ᠶᠢᠨ ᠠᠷᠭ᠎ᠠ ᠶᠢ ᠥᠨᠳᠤᠰᠤᠯᠠᠨ | ᠲᠤᠳᠤᠯᠠᠨ᠎ᠠ᠃ | ᠲᠥᠷᠪᠠ᠂ ᠰᠠᠷᠭᠡᠶᠢᠯᠠᠬᠦ | ᠭᠡᠷᠪᠠ ᠪᠤᠭᠤᠮ᠎ᠠ ᠡᠪᠠᠳᠴᠢᠨ ᠢᠶᠠᠷ ᠥᠬᠦᠭᠰᠠᠨ ᠮᠠᠯ ᠭᠡᠵᠤ ᠲᠤᠳᠤᠯᠠᠪᠠᠯ ᠲᠠᠷᠤᠢ ᠲᠥᠷᠭᠡᠨ ᠲᠠᠭᠡᠳᠤ ᠱᠠᠳᠤᠨ ᠤ | ᠬᠠᠮᠢᠶ᠎ᠠ ᠪᠥᠬᠦᠢ ᠪᠠᠶᠢᠭᠤᠯᠭ᠎ᠠ ᠳᠤ ᠮᠠᠳᠡᠭᠳᠠᠵᠤ ᠡᠪᠠᠳᠴᠢᠨ ᠡᠬᠦᠰᠤᠭ᠍ᠰᠠᠨ ᠲᠤᠬᠠᠢ ᠶᠢᠨ ᠭᠠᠵᠠᠷ ᠤᠷᠤᠨ ᠢ | ᠪᠢᠳᠠᠬᠦᠮᠵᠢᠯᠠᠨ᠂ ᠬᠥᠮᠤᠨ ᠮᠠᠯ᠂ ᠲᠠᠷᠭᠡ ᠤᠨᠤᠭ᠎ᠠ ᠵᠠᠷᠭᠡ ᠶᠢᠨ ᠨᠠᠰᠢ ᠴᠠᠰᠢ ᠭᠠᠷᠴᠤ ᠤᠷᠤᠬᠤ ᠶᠢ ᠭᠢᠵᠠᠭᠠᠷᠯᠠᠨ᠎ᠠ᠃ | ᠲᠠᠷᠨ ᠲᠠᠷᠤᠢ ᠳᠤᠨᠢ ᠡᠪᠠᠳᠴᠢᠨ ᠲᠠᠢ ᠮᠠᠯ ᠢ ᠲᠤᠰᠠᠭᠠᠷᠯᠠᠵᠤ ︵ᠡᠮᠴᠢᠯᠡᠭᠡ ᠭᠢᠵᠤ ᠵᠠᠰᠠᠵᠤ ᠪᠤᠯᠬᠤ ᠥᠭᠡᠢ︶᠂ | ᠤᠷᠴᠢᠨ ᠲᠤᠭᠤᠷᠢᠨ ᠤ ᠡᠷᠠᠬᠦᠯ ᠮᠠᠯ ᠳᠤ ᠲᠠᠷᠤᠢ ᠲᠥᠷᠭᠡᠨ ᠰᠠᠷᠭᠡᠶᠢᠯᠠᠬᠦ ᠲᠠᠷᠢᠯᠭ᠎ᠠ ᠲᠠᠷᠢᠨ᠎ᠠ᠃ ᠤᠳᠤᠬᠠᠨ ᠳᠤ | ᠭᠡᠷᠡᠭᠯᠠᠵᠤ ᠪᠠᠶᠢᠭ᠎ᠠ ᠸᠠᠺᠼᠢᠨ ᠪᠤᠯ Ⅱ ᠳ᠋ᠤᠭᠠᠷ ᠨᠤᠮᠧᠷᠳᠤ ᠪᠤᠭᠤᠮ᠎ᠠ ᠶᠢᠨ ᠰᠠᠪᠬᠠᠨᠴᠢᠷ ᠪᠠᠺᠲ᠋ᠧᠷᠢ ᠶᠢᠨ ᠰᠫᠤᠷᠳᠤ | ᠸᠠᠺᠼᠢᠨ ᠮᠥᠨ᠂ ᠶᠡᠭᠡ ᠪᠠᠭ᠎ᠠ ᠮᠠᠯ ᠪᠥᠷᠢ ᠳᠤ ᠠᠷᠠᠰᠤᠨ ᠲᠤᠤᠷ᠎ᠠ ᠨᠢ ᠨᠢᠭᠡ ᠮᠢᠯᠢᠯᠢᠲᠷ ᠲᠠᠷᠢᠨ᠎ᠠ᠃ ᠰᠠᠷᠭᠡᠶᠢᠯᠠᠬᠦ | ᠬᠤᠭᠤᠴᠠᠭ᠎ᠠ ᠨᠢ ᠨᠢᠭᠡ ᠵᠢᠯ᠃ | ᠮᠠᠯ ᠤᠨ ᠪᠤᠵᠠᠷᠳᠤᠭᠰᠠᠨ ᠬᠠᠰᠢᠶ᠎ᠠ ᠬᠥᠷᠢᠶ᠎ᠠ ᠶᠢ 20% ᠶᠢᠨ ᠴᠠᠶᠢᠷᠠᠭᠤᠯᠬᠤ ᠨᠤᠨᠳᠠᠭ ᠤᠨ ᠠᠭᠤᠰᠤᠮᠠᠯ ᠢᠶᠠᠷ | ᠠᠷᠢᠭᠤᠳᠬᠠᠵᠤ᠂ ᠲᠠᠵᠢᠭᠡᠯ ᠪᠤᠷᠳᠤᠭ᠎ᠠ᠂ ᠮᠠᠯ ᠤᠨ ᠪᠠᠭᠠᠰᠤ ᠵᠠᠷᠭᠡ ᠶᠢ ᠰᠢᠳᠠᠭᠠᠨ᠎ᠠ᠃ ᠮᠠᠯ ᠤᠨ ᠭᠡᠬᠦᠷ ᠢ ᠰᠢᠳᠠᠭᠠᠵᠤ | ᠬᠥᠨ ᠪᠤᠯᠠᠨ᠎ᠠ᠃ ᠪᠤᠯᠠᠬᠤ ᠳᠠᠭᠠᠨ ᠡᠷᠭᠡᠪᠰᠢ ᠬᠤᠶᠠᠷ ᠮᠧᠲᠷ ᠠᠴᠠ ᠲᠤᠷᠤᠭᠰᠢ ᠬᠥᠨ ᠮᠠᠯᠳᠠᠵᠤ ᠮᠠᠯ ᠤᠨ ᠥᠬᠦᠳᠠᠯ | ᠤᠨ ᠲᠠᠭᠡᠷ᠎ᠠ ᠪᠠ ᠲᠤᠤᠷ᠎ᠠ ᠲᠠᠯ᠎ᠠ ᠳᠤᠨᠢ ᠵᠤᠵᠠᠭᠠᠨ ᠴᠠᠶᠢᠷᠠᠭᠤᠯᠬᠤ ᠨᠤᠨᠳᠠᠭ ᠢ ᠲᠠᠪᠢᠰᠤᠨᠠ᠃ ᠬᠠᠮᠤᠭ ᠤᠨ ᠰᠠᠬᠦᠯ | ᠳᠤ ᠬᠥᠮᠤᠨ᠂ ᠲᠠᠷᠭᠡ᠂ ᠪᠠᠭᠠᠵᠢ ᠭᠡᠷᠡᠭᠰᠠᠯ ᠵᠠᠷᠭᠡ ᠪᠠᠨ 20% ᠶᠢᠨ ᠴᠠᠶᠢᠷᠠᠭᠤᠯᠬᠤ ᠨᠤᠨᠳᠠᠭ ᠪᠤᠶᠤ ᠲᠤᠰᠬᠠᠢ | ᠠᠷᠢᠭᠤᠳᠬᠠᠯ ᠤᠨ ᠡᠮ ᠢᠶᠠᠷ ᠬᠥᠢᠴᠠᠳ ᠠᠷᠢᠭᠤᠳᠬᠠᠨ᠎ᠠ᠃ | ᠤᠳᠤᠬᠠᠨ ᠳᠤ ᠮᠠᠨ ᠤ ᠤᠷᠤᠨ ᠤ ᠡᠯ᠎ᠠ ᠭᠠᠵᠠᠷ ᠲᠤ ᠪᠤᠭᠤᠮ᠎ᠠ ᠡᠪᠠᠳᠴᠢᠨ ᠢ ᠭᠤᠤᠯᠳᠠᠭᠤ ᠰᠠᠷᠭᠡᠶᠢᠯᠠᠬᠦ ᠪᠠᠷ | ᠭᠤᠤᠯ ᠪᠤᠯᠭᠠᠵᠤ᠂ ᠵᠢᠯ ᠪᠥᠷᠢ ᠲᠤᠭᠳᠠᠭᠰᠠᠨ ᠬᠤᠭᠤᠴᠠᠭ᠎ᠠ ᠲᠠᠢ ᠮᠠᠯ ᠳᠠᠭᠠᠨ ᠰᠠᠷᠭᠡᠶᠢᠯᠠᠬᠦ ᠲᠠᠷᠢᠯᠭ᠎ᠠ ᠲᠠᠷᠢᠵᠤ | ᠰᠠᠷᠭᠡᠶᠢᠯᠠᠯᠳᠠ ᠪᠠᠨ ᠴᠢᠩᠭᠠᠳᠬᠠᠵᠤ ᠪᠠᠶᠢᠨ᠎ᠠ᠃ | |