| | | | ᠲᠤᠭᠤᠯᠯᠠᠭᠰᠠᠨ ᠤ ᠬᠤᠶᠢᠨᠠᠭᠢ ᠥᠨᠢᠶᠠᠨ ᠤ ᠰᠨ ᠶᠢ ᠪᠠᠰᠨ ᠰᠥᠨ ᠤ ᠬᠠᠯᠠᠭᠤᠨ ᠭᠡᠮ ᠭᠡᠳᠡᠭ᠃ ᠡᠨ᠋ᠨ ᠪᠤᠯ | ᠲᠤᠭᠤᠯᠯᠠᠭᠠᠳ 48 — 72 ᠴᠠᠭ ᠪᠤᠯᠤᠭᠰᠠᠨ ᠰᠠᠭᠠᠯᠢ ᠶᠢᠨ ᠥᠨᠢᠶ᠎ᠠ ᠳᠤ ᠯᠨ ᠡᠬᠦᠰᠳᠡᠭ ᠨᠢᠭᠡ ᠵᠥᠢᠯ ᠤᠨ | ᠲᠥᠷᠭᠡᠨ ᠴᠢᠨᠠᠷᠳᠠᠢ ᠲᠤᠤᠷ᠎ᠠ ᠺᠠᠯᠼᠳᠤ ᠴᠢᠰᠤᠨ ᠤ ᠭᠡᠮ ᠪᠤᠯᠬᠤ ᠶᠤᠮ᠃ ᠲᠠᠷᠤᠢ᠂ ᠭᠡᠮᠨᠡᠭᠰᠠᠨ ᠥᠨᠢᠶ᠎ᠠ ᠭᠡᠪᠳᠠᠭᠡᠳ | ᠪᠤᠰᠬᠤ ᠥᠭᠡᠢ᠂ ᠴᠤᠭ ᠰᠥᠯᠳᠠ ᠮᠠᠭᠤᠳᠠᠬᠤ᠂ ᠮᠠᠨᠠᠷᠠᠬᠤ ᠪᠤᠶᠤ ᠰᠨ ᠪᠤᠯᠬᠤ ᠵᠠᠷᠭᠡ ᠢᠯᠠᠷᠠᠯ ᠲᠠᠢ ᠶᠤᠮ᠃ | ᠤᠷᠢᠳᠴᠢᠯᠠᠨ ᠰᠠᠷᠭᠡᠶᠢᠯᠠᠬᠦ ᠲᠠᠯ᠎ᠠ ᠪᠠᠷ᠂ ᠲᠤᠭᠤᠯᠯᠠᠬᠤ ᠠᠴᠠ ᠡᠮᠤᠨ᠎ᠠ 5—7 ᠡᠳᠤᠷ ᠲᠤ ᠺᠠᠯᠼ ᠤᠨ | ᠰᠢᠩᠭᠡᠭᠡᠯᠳᠠ ᠶᠢ ᠭᠢᠵᠠᠭᠠᠷᠯᠠᠬᠤ ᠪᠥᠭᠡᠳ ᠸᠢᠲ᠋ᠠᠮᠢᠨ D ︵ᠡᠳᠤᠷ ᠪᠥᠷᠢ 2 — 3 ᠮᠢᠩᠭᠠᠨ ᠨᠢᠭᠡᠴᠢ ᠥᠭᠬᠦ ᠶᠢ | ᠭᠢᠵᠠᠭᠠᠷᠯᠠᠨ᠎ᠠ᠃ ᠡᠬᠦᠨ ᠤ ᠲᠠᠭᠠᠤ ᠡᠳᠤᠷ ᠤᠨ ᠲᠠᠵᠢᠭᠡᠯ ᠳᠠᠬᠢ ᠹᠤᠰᠹᠤᠷ ᠤᠨ ᠠᠬᠤᠭᠤᠯᠤᠭᠳᠠᠴᠨ ᠶᠢ | ᠨᠠᠮᠡᠭᠳᠠᠬᠦᠯᠤᠨ᠎ᠠ᠃ | ᠡᠮᠨᠠᠨ ᠵᠠᠰᠠᠬᠤ ᠲᠠᠯ᠎ᠠ ᠪᠠᠷ ᠲᠤᠤᠷᠠᠭᠢ ᠠᠷᠭ᠎ᠠ ᠨᠤᠭᠤᠳ ᠢ ᠠᠪᠴᠤ ᠪᠤᠯᠤᠨ᠎ᠠ᠃ | 1. 4% ᠶᠢᠨ 500 — 1000 ᠮᠢᠯᠯᠢᠯᠢᠲᠷ ᠪᠤᠷ ᠬᠥᠴᠢᠯ ᠪᠤᠯᠤᠨ 20%—30% ᠶᠢᠨ ᠥᠵᠤᠮ ᠤᠨ | ᠰᠢᠭᠢᠷ ᠤᠨ ᠬᠥᠴᠢᠯᠳᠤ ᠺᠠᠯᠼ ᠢ ᠨᠠᠮᠵᠢᠭᠤᠨ ᠰᠤᠳᠠᠯ ᠳᠤᠨᠢ ᠠᠭᠠᠵᠢᠮ ᠢᠶᠠᠷ ᠲᠠᠷᠢᠨ᠎ᠠ ︵ᠲᠠᠷᠢᠯᠭ᠎ᠠ ᠳᠤ ᠭᠡᠷᠡᠭᠰᠠᠬᠦ | ᠴᠠᠭ ᠢ ᠠᠳᠠᠭ ᠲᠠᠭᠠᠨ 10 — 20 ᠮᠢᠨᠦ᠋ᠲ ᠠᠴᠠ ᠲᠠᠭᠡᠭᠰᠢ ᠪᠠᠶᠢᠯᠭᠠᠨ᠎ᠠ︶᠂ ᠡᠳᠤᠷ ᠲᠤ ᠬᠤᠶᠠᠷ ᠤᠳᠠᠭ᠎ᠠ | ᠲᠠᠷᠢᠨ᠎ᠠ᠃ ᠺᠠᠯᠼ ᠤᠨ ᠡᠮᠴᠢᠯᠡᠭᠡ ᠶᠢ ᠭᠡᠷᠡᠭᠯᠠᠬᠦ ᠥᠶ᠎ᠠ ᠳᠤ ᠭᠡᠮ ᠲᠠᠢ ᠥᠨᠢᠶ᠎ᠠ ᠶᠢᠨ ᠵᠢᠷᠤᠭᠡᠨ ᠤ ᠠᠵᠢᠯᠯᠠᠭ᠎ᠠ ᠶᠢ | ᠠᠩᠬᠠᠷᠬᠤ ᠭᠡᠷᠡᠭᠳᠠᠢ᠃ ᠭᠡᠷᠪᠠ ᠵᠢᠷᠤᠭᠡᠨ ᠤ ᠴᠤᠭᠢᠯᠳᠠ ᠨᠢ ᠵᠢᠭᠳᠡ ᠪᠤᠰᠤ ᠪᠤᠶᠤ ᠲᠥᠷᠭᠡᠨ ᠪᠠᠶᠢᠬᠤ ᠥᠶ᠎ᠠ ᠳᠤ | ᠲᠠᠷᠢᠯᠭ᠎ᠠ ᠪᠠᠨ ᠲᠠᠷᠤᠶᠢᠬᠠᠨ ᠵᠤᠭᠰᠤᠵᠤ᠂ ᠭᠡᠪ ᠤᠨ ᠪᠠᠶᠢᠳᠠᠯ ᠲᠠᠢ ᠪᠤᠯᠤᠭᠰᠠᠨ ᠤ ᠲᠠᠷᠠᠭ᠎ᠠ ᠲᠠᠭᠢᠨ ᠲᠠᠷᠢᠬᠤ | ᠭᠡᠷᠡᠭᠳᠠᠢ᠃ | 2. ᠲᠠᠯᠠᠩ ᠢ ᠨᠢ ᠰᠠᠯᠭᠢᠳᠠᠭᠤᠯᠤᠨᠠ᠃ ᠰᠦ ᠶᠢ ᠨᠢ ᠰᠠᠭᠠᠵᠤ ᠪᠠᠷᠠᠭᠰᠠᠨ ᠤ ᠲᠠᠷᠠᠭ᠎ᠠ ᠲᠠᠯᠠᠩ ᠤᠨ | ᠰᠠᠯᠭᠢᠳᠠᠭᠤᠷ ᠢᠶᠠᠨ ᠨᠢᠮᠪᠠᠢ ᠠᠷᠢᠭᠤᠳᠬᠠᠭᠠᠳ ᠲᠠᠯᠠᠩ ᠢ ᠵᠤᠭᠢᠬᠤ ᠭᠡᠮᠵᠢᠶ᠎ᠠ ᠲᠠᠢ ᠪᠠᠷ ᠰᠠᠯᠭᠢᠳᠠᠭᠤᠯᠪᠠᠯ ᠴᠢᠰᠤᠨ | ᠺᠠᠯᠼ ᠤᠨ ᠥᠳᠭᠡᠴᠨ ᠨᠢ ᠥᠨᠳᠤᠷᠵᠢᠨ᠂ ᠭᠡᠳᠤᠨ ᠴᠠᠭ ᠤᠨ ᠲᠤᠳᠤᠷ᠎ᠠ ᠭᠡᠮ ᠲᠠᠢ ᠥᠨᠢᠶ᠎ᠠ ᠨᠢ ᠭᠡᠪ ᠤᠨ ᠪᠠᠶᠢᠳᠠᠯ | ᠳᠠᠭᠠᠨ ᠤᠷᠤᠨ᠎ᠠ᠃ | 3. ᠺᠠᠯᠼ ᠢᠶᠠᠷ ᠡᠮᠨᠡᠭᠰᠠᠨ ᠤ ᠲᠠᠷᠠᠭ᠎ᠠ ᠥᠨᠢᠶ᠎ᠠ ᠰᠠᠷᠬᠦᠨ ᠰᠠᠷᠭᠡᠭᠵᠢᠬᠦ ᠪᠤᠯᠪᠠᠴᠤ ᠮᠥᠨ ᠯᠨ ᠪᠤᠰᠴᠤ ᠲᠠᠶᠢᠯᠬᠦ | ᠥᠭᠡᠢ ᠶᠤᠮ᠃ ᠡᠨ᠋ᠨ ᠥᠶ᠎ᠠ ᠳᠤ ᠨᠠᠮᠵᠢᠭᠤᠨ ᠰᠤᠳᠠᠯ ᠳᠤᠨᠢ 20% ᠶᠢᠨ 300 — 500 ᠮᠢᠯᠯᠢᠯᠢᠲᠷ ᠹᠤᠰᠹᠤᠷ | ᠬᠥᠴᠢᠯ ᠤᠨ ᠬᠤᠶᠠᠷᠴᠢ ᠤᠰᠤᠳᠦ᠋ᠷᠤᠭ᠍ᠴᠢᠳᠤ ᠨᠠᠲᠷᠢ ᠪᠤᠶᠤ 3% ᠶᠢᠨ 100 ᠮᠢᠯᠯᠢᠯᠢᠲᠷ ᠲᠠᠳ᠋ ᠹᠤᠰᠹᠤᠷ ᠬᠥᠴᠢᠯ | ᠤᠨ ᠺᠠᠯᠼ ᠤᠨ ᠠᠭᠤᠰᠤᠮᠠᠯ ᠢ ᠲᠠᠷᠢᠪᠠᠯ ᠰᠠᠶᠢᠨ᠃ | |