ᠡᠮᠡᠬᠡᠯᠠᠠᠭᠤᠯᠠ ᠤᠯᠤᠰ ᠤᠨ ᠤᠢ ᠰᠢᠭᠤᠢ ᠶᠢᠨ ᠴᠡᠴᠡᠷᠯᠢᠭ
ᠨᠡᠶᠢᠲᠡᠯᠡᠭᠰᠡᠨ ᠴᠠᠭ᠄
2018/1/4
    ᠡᠮᠡᠬᠡᠯᠠᠠᠭᠤᠯᠠ ᠤᠯᠤᠰ ᠤᠨ ᠤᠢ ᠰᠢᠭᠤᠢ ᠶᠢᠨ ᠴᠡᠴᠡᠷᠯᠢᠭ ᠤᠨ ᠦᠵᠡᠮᠵᠢ ᠶᠢᠨ ᠤᠷᠤᠨ ᠨᠢ ᠬᠠᠷᠠᠴᠢᠨ ᠬᠤᠰᠢᠭᠤᠨ ᠤ ᠵᠢᠨᠱᠠᠨ ᠪᠠᠯᠭᠠᠰᠤ ᠶᠢᠨ ᠵᠡᠬᠦᠨ ᠡᠮᠦᠨ᠎ᠡ ᠬᠡᠰᠡᠭ ᠲᠤ ᠪᠠᠶᠢᠷᠢᠰᠢᠵᠤ᠂ ᠤᠷᠴᠢᠨ ᠲᠤᠭᠤᠷᠢᠨ ᠲᠤᠬᠢᠯᠢᠭ᠂ ᠤᠢ ᠮᠤᠳᠤᠳ ᠢᠭ᠌ᠴᠢ ᠰᠠᠬᠤᠯᠢᠭ᠂ ᠠᠭᠤᠯᠠ ᠤᠰᠤ ᠨᠢ ᠭᠤᠶᠤ᠂ ᠦᠩᠬᠡ ᠦᠵᠡᠮᠵᠢ ᠨᠢ ᠬᠦᠮᠦᠰ ᠤᠨ ᠰᠡᠳᠬᠢᠯ ᠢ ᠲᠠᠳᠠᠳᠠᠭ ᠪᠠᠶᠢᠨ᠎ᠠ᠃ ᠶᠡᠷᠦᠩᠬᠡᠢ ᠲᠠᠯᠠᠪᠠᠢ 3 ᠲᠦᠮᠡ ᠢᠯᠡᠬᠦᠦ ᠮᠤ᠋᠂ ᠭᠤᠪᠢ ᠶᠢᠨ ᠭᠠᠳᠠᠨᠠᠬᠢ ᠪᠠᠭ᠎ᠠ ᠬᠤᠸᠠᠩᠱᠠᠨ ᠬᠡᠳᠡᠭ ᠰᠠᠶᠢᠬᠠᠨ ᠠᠯᠳᠠᠷᠳᠠᠢ ᠪᠠᠶᠢᠳᠠᠭ᠂ 1993 ᠤᠨ ᠳᠤ ᠤᠯᠤᠰ ᠤᠨ ᠤᠢ ᠰᠢᠭᠤᠢ ᠶᠢᠨ ᠶᠠᠮᠤᠨ ᠠᠴᠠ ᠤᠯᠤᠰ  ᠤᠨ ᠤᠢ ᠰᠢᠭᠤᠢ ᠶᠢᠨ ᠴᠡᠴᠡᠷᠯᠢᠭ ᠪᠤᠯᠭᠠᠬᠤ ᠶᠢ ᠵᠦᠪᠰᠢᠶᠡᠷᠡᠵᠠᠢ᠃    ᠡᠮᠡᠬᠡᠯᠠᠠᠭᠤᠯᠠ ᠶᠢ ᠪᠠᠭ᠎ᠠ ᠬᠤᠸᠠᠩᠱᠠᠨ ᠭᠡᠵᠤ ᠨᠡᠷᠡᠶᠢᠳᠦᠭᠳᠡᠭᠰᠡᠨ ᠨᠢ ᠲᠡᠬᠦᠨ ᠳᠤ ᠲᠦᠷᠪᠡᠨ ᠵᠦᠢᠯ ᠤᠨ ᠤᠨᠴᠠ ᠦᠵᠡᠮᠵᠢ ᠪᠠᠶᠢᠳᠠᠭ᠂ ᠲᠤᠬᠠᠶᠢᠯᠠᠪᠠᠯ᠂ ᠬᠠᠴᠢᠨ ᠤᠷᠬᠢᠯ᠂ ᠡᠬᠦᠯᠡᠨ ᠲᠠᠯᠠᠢ᠂ ᠮᠦᠰᠦᠨ ᠬᠦᠷᠬᠢᠷ᠎ᠠ᠂ ᠲᠤᠩᠭᠠᠯᠠᠭ ᠪᠤᠯᠠᠭ ᠪᠤᠯᠤᠨ᠎ᠠ᠃     ᠡᠮᠡᠬᠡᠯᠠᠠᠭᠤᠯᠠ ᠪᠠᠶᠢᠭᠠᠯᠢ ᠶᠢᠨ ᠦᠩᠬᠡ ᠦᠵᠡᠮᠵᠢ ᠶᠢᠨ ᠤᠷᠤᠨ ᠢ ᠡᠮᠡᠬᠡᠯ ᠤᠨ ᠬᠤᠩᠬᠢᠯ᠂ ᠪᠠᠭ᠎ᠠ ᠫᠧᠩᠯᠠᠢ ᠠᠷᠠᠯ᠂ ᠪᠤᠷᠬᠠᠨᠳᠤ ᠨᠠᠷᠠᠰᠤ᠂ ᠨᠠᠷᠠᠰᠤᠳᠤ ᠬᠠᠳᠠ᠂ ᠦᠬᠡᠷᠴᠢᠨ ᠬᠦᠦ ᠶᠢᠨ ᠤᠷᠬᠢᠯ ᠵᠡᠷᠬᠡ ᠲᠠᠪᠤᠨ ᠦᠵᠡᠮᠵᠢ ᠶᠢᠨ ᠤᠷᠤᠨ ᠬᠤᠪᠢᠶᠠᠵᠤ᠂ ᠲᠤᠰ ᠲᠤᠰ ᠳᠠᠭᠠᠨ ᠴᠦᠮ ᠦᠪᠡᠷᠮᠢᠴᠠ ᠤᠨᠴᠠᠯᠢᠭ ᠲᠠᠢ ᠪᠠᠶᠢᠳᠠᠭ᠃  ᠡᠳᠡᠭᠡᠷ ᠪᠠᠶᠢᠭᠠᠯᠢ  ᠶᠢᠨ ᠦᠵᠡᠮᠵᠢ ᠠᠴᠠ ᠭᠠᠳᠠᠨ᠎ᠠ ᠪᠠᠰᠠ  ᠯᠢᠶᠠᠩ ᠱᠠᠨ ᠫᠥᠸᠧ᠂ ᠯᠢᠶᠠᠩ ᠱᠠᠨ ᠰᠦᠮ᠎ᠡ ᠵᠡᠷᠬᠡ   ᠬᠦᠮᠦᠡᠯᠢᠭ  ᠰᠤᠶᠤᠯ ᠦᠵᠡᠮᠵᠢ ᠪᠠᠶᠢᠨ᠎ᠠ᠃ ᠡᠮᠡᠬᠡᠯᠠᠠᠭᠤᠯᠠ ᠶᠢᠨ ᠡᠯ᠎ᠡ ᠦᠵᠡᠮᠵᠢ ᠨᠢ ᠦᠵᠡᠮᠵᠢ ᠶᠢᠨ ᠲᠤᠳᠤᠷ᠎ᠠ ᠦᠵᠡᠮᠵᠢ ᠪᠠᠶᠢᠵᠤ᠂ ᠵᠢᠯ ᠤᠨ ᠲᠦᠷᠪᠡᠨ ᠤᠯᠠᠷᠢᠯ ᠳᠤ ᠦᠩᠬᠡ ᠦᠵᠡᠮᠵᠢ ᠤᠯᠠᠷᠢᠨ ᠰᠤᠯᠢᠭᠳᠠᠵᠤ᠂ ᠵᠤᠭᠠᠴᠠᠭᠰᠠᠳ ᠲᠤ ᠦᠪᠡᠷ ᠤᠨ ᠡᠷᠬᠡ ᠦᠬᠡᠢ ᠰᠠᠶᠢᠬᠠᠨ ᠲᠦᠷᠦᠭᠳᠡᠯ ᠢ ᠤᠯᠭᠤᠳᠠᠭ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号