ᠬᠠᠷᠠᠴᠢᠨ ᠬᠤᠰᠢᠭᠤᠨ ᠤ ᠲᠡᠦᠬᠡ ᠶᠢᠨ ᠤᠯᠡᠷᠢᠯ ᠬᠤᠪᠢᠷᠡᠯ
ᠨᠡᠶᠢᠲᠡᠯᠡᠭᠰᠡᠨ ᠴᠠᠭ᠄
2015/7/10
                                   ᠬᠠᠷᠠᠴᠢᠨ ᠬᠤᠰᠢᠭᠤ ᠨᠢ ᠬᠤᠶᠢᠳᠥ ᠠᠯᠲᠠᠨ ᠤᠯᠤᠰ  ᠤᠨ ᠬᠤᠨᠭ᠌ ᠳᠠᠶᠢᠵᠠᠢ  ᠲᠢᠶᠠᠨ ᠽᠥᠩ ᠤᠨ ᠶᠢᠰᠦᠳᠦᠭᠡᠷ ᠤᠡ ︵1635 ᠤᠡ︶    ᠳᠤ    ᠪᠠᠶᠢᠭᠠᠤᠯᠤᠬᠳᠠᠵᠦ ᠪᠢᠯᠡ᠃ᠤᠥᠯ ᠨᠢ ᠬᠠᠷᠠᠴᠢᠨ ᠪᠠᠷᠠᠭᠤᠨ ᠭᠠᠷᠤᠨ  ᠬᠤᠰᠢᠭᠤ ᠬᠡᠳ᠋ᠩ᠃ ᠬᠤᠰᠢᠭᠤ ᠠᠩᠬ᠎ᠠ ᠪᠠᠶᠢᠭᠤᠯᠤᠭᠳᠠᠬᠤ ᠡᠬᠢᠨ ᠤ ᠦᠶ᠎ᠡ ᠳᠤ ᠵᠦᠪᠬᠢᠨ  33000 ᠬᠦᠮᠤᠨ ᠠᠮᠠ ᠲᠠᠢ  ᠂  5286 ᠡᠷᠤᠬᠡ ᠲᠠᠢ ᠪᠠᠶᠢᠪᠠ᠃          350 ᠢᠯᠡᠬᠦᠤ ᠵᠢᠯ ᠤᠨ ᠤᠨ ᠵᠢᠯ ᠤᠨ  ᠡᠷᠬᠡᠯᠲᠡ ᠶᠢᠨ ᠬᠦᠷᠳᠦᠨ ᠳᠤ ᠬᠠᠷᠠᠴᠢᠨ ᠬᠤᠰᠢᠭᠤ ᠨᠢ  ᠦᠥᠳᠦᠷ ᠲᠦᠷᠬᠡᠨ ᠴᠡᠴᠡᠭᠯᠡᠨ ᠬᠦᠭᠵᠢᠵᠦ  ᠂  ᠭᠤᠪᠢ ᠶᠢᠨ  ᠭᠠᠲᠠᠨᠡᠬᠢ ᠬᠡᠷᠡᠯᠳᠤ ᠰᠤᠪᠦᠳ  ᠰᠢᠭ  ᠬᠡᠷᠡᠯᠳᠦᠨ ᠮᠠᠨᠳᠤᠵᠦ ᠪᠢᠯᠡ᠃   ᠬᠠᠷᠠᠴᠢᠨ  ᠬᠤᠰᠢᠭᠤ ᠨᠢ ᠦᠨᠢ ᠤᠲᠠᠭᠠᠨ  ᠤ  ᠲᠡᠤᠬᠡ   ᠲᠠᠢ  ᠃ ᠲᠤᠰ ᠬᠤᠰᠢᠭᠠᠤᠨ ᠤ ᠬᠠᠷᠢᠶᠠᠨ ᠳᠤ ᠤᠳᠥ ᠠᠴᠠ 8000 ——7500 ᠵᠢᠯ ᠠᠯᠤᠰᠯᠠᠵᠦ ᠪᠠᠶᠢᠭ᠎ᠠ ᠰᠢᠨ᠎ᠡ ᠴᠢᠯᠠᠭᠤᠨ   ᠵᠡᠪᠰᠡᠭ ᠤᠨ ᠡᠬᠢᠨ ᠤ ᠦᠶ᠎ᠡ ᠶᠢᠨ ᠱᠧᠩ ᠯᠥᠩ ᠸᠠ ᠶᠢᠨ ᠰᠤᠶᠤᠯ᠂ ᠤᠳᠥ ᠠᠴᠠ 6500 — 6300 ᠵᠢᠯ ᠠᠯᠤᠰᠯᠠᠵᠦ ᠪᠠᠶᠢᠭ᠎ᠠ ᠰᠢᠨ᠎ᠡ ᠴᠢᠯᠠᠭᠤᠨ  ᠵᠡᠪᠰᠡᠭ ᠤᠨ ᠲᠤᠮᠲᠠᠴᠢ ᠦᠶ᠎ᠡ ᠶᠢᠨ ᠵᠤᠥ ᠪᠤᠥ  ᠬᠥ᠋ ᠶᠢᠨ ᠰᠤᠶᠤᠯ᠂ ᠤᠳᠥ ᠠᠴᠠ6000 — 5000 ᠵᠢᠯ ᠠᠯᠤᠰᠯᠠᠵᠦ ᠪᠠᠶᠢᠭ᠎ᠠ ᠰᠢᠨ᠎ᠡ ᠴᠢᠯᠠᠭᠤᠨ  ᠵᠡᠪᠰᠡᠭ ᠤᠨ ᠲᠤᠮᠲᠠ ᠰᠡᠭᠦᠯᠴᠢ ᠶᠢᠨ ᠦᠶ᠎ᠡ ᠶᠢᠨ ᠤᠯᠠᠭᠠᠨ ᠬᠠᠲᠠ ᠶᠢᠨ ᠰᠤᠶᠥᠯ  ᠤᠨ ᠪᠠᠭᠤᠷᠢ᠂ ᠤᠳᠥ ᠠᠴᠠ4200 ᠵᠢᠯ  ᠠᠯᠤᠰᠯᠠᠵᠦ ᠪᠠᠶᠢᠭ᠎ᠠ ᠰᠢᠨ᠎ᠡ ᠴᠢᠯᠠᠭᠤᠨ  ᠵᠡᠪᠰᠡᠭ ᠤᠨ ᠰᠡᠭᠦᠯᠴᠢ ᠶᠢᠨ ᠦᠶ᠎ᠡ ᠶᠢᠨ ᠤᠮᠠᠷᠳᠤ ᠶᠢᠨ ᠬᠦᠷᠢᠯ  ᠵᠡᠪᠰᠡᠭ  ᠤᠨ ᠡᠮᠤᠨᠡᠬᠢ ᠦᠶ᠎ᠡ ᠶᠢᠨ ᠱᠠ ᠵᠢᠶᠠ ᠳ᠋ᠢᠶᠠᠨ ᠤ ᠰᠤᠶᠤᠯ ᠤᠨ ᠪᠠᠭᠤᠷᠢ ᠠᠴᠠ ᠴᠢᠯᠠᠭᠤᠨ  ᠵᠡᠪᠰᠡᠭ᠂ ᠶᠠᠰᠤᠨ  ᠵᠡᠪᠰᠡᠭ᠂ ᠸᠠᠭᠠᠷ ᠰᠠᠪ᠂ ᠬᠦᠷᠡᠯ  ᠵᠡᠪᠰᠡᠭ ᠵᠡᠷᠭᠡ ᠮᠠᠰᠢ ᠤᠯᠠᠨ ᠲᠡᠤᠬᠡ ᠶᠢᠨ  ᠲᠤᠷᠡᠰᠬᠠᠯᠳᠦ  ᠪᠤᠲᠠᠰ ᠢ  ᠢᠯᠡᠷᠡᠬᠦᠯᠤᠭ᠍ᠰᠡᠨ  ᠨᠢ ᠤᠳᠥ ᠠᠴᠠ  ᠲᠤᠯᠤᠭ᠎ᠠ ᠨᠠᠢᠮᠠᠨ ᠮᠢᠩᠭᠠᠨ ᠵᠢᠯ ᠤᠨ ᠡᠮᠤᠨ᠎ᠡ ᠬᠠᠷᠠᠴᠢᠨ  ᠬᠤᠰᠢᠭᠠᠥ ᠶᠢᠨ ᠬᠠᠷᠢᠶᠠᠨ ᠳᠤ ᠠᠮᠢᠳᠤᠷᠠᠵᠦ ᠪᠠᠶᠢᠬᠰᠡᠨ  ᠬᠦᠮᠤᠰ ᠲᠠᠷᠢᠶᠠᠯᠠᠩ ᠢᠶᠠᠷ ᠭᠤᠥᠯ  ᠪᠤᠯᠭᠠᠵᠦ᠂ ᠵᠢᠭᠠᠰᠤ  ᠠᠩᠨᠠᠬᠤ  ᠂ ᠮᠠᠯ ᠮᠠᠯᠵᠢᠬᠤ ᠶᠢ ᠲᠠᠭᠠᠯᠳᠤᠭᠤᠯᠤᠨ  ᠡᠵᠡᠭᠨᠡᠵᠦ ᠪᠠᠶᠢᠬᠰᠡᠨ ᠢ  ᠬᠡᠷᠡᠴᠢᠯᠡᠵᠦ᠂ ᠬᠠᠭᠤᠴᠢ ᠰᠤᠳᠤᠯᠤᠯ ᠤᠨ ᠠᠵᠢᠯ ᠳᠤ ᠦᠨᠡᠨ ᠪᠤᠲᠠᠲᠠᠢ ᠠᠮᠢᠳᠤ ᠮᠠᠲ᠋ᠧᠷᠢᠶᠠᠯ ᠢ  ᠬᠠᠨᠭ᠍ᠭᠠᠵᠦ   ᠦᠭᠭᠦᠭᠰᠡᠨ  ᠪᠠᠶᠢᠨ᠎ᠠ᠃       ᠱᠢᠶᠠ ᠤᠯᠥᠰ   ᠪᠠᠶᠢᠭᠤᠯᠤᠬᠲᠠᠬᠰᠡᠨ ᠠᠴᠠ ᠠᠪᠦᠭᠠᠳ ᠬᠠᠷᠠᠴᠢᠨ ᠪᠠᠷᠠᠭ᠋ᠳ ᠭᠠᠷᠤᠨ ᠬᠤᠰᠢᠭᠤ ᠳᠤ  ᠠᠭᠤᠯᠠᠨ ᠠᠶᠢᠮᠠᠭ  ᠂ ᠳ᠋ᠦᠩ ᠬᠡᠦ᠂  ᠾᠦᠩᠨᠦ᠂ ᠦ᠋  ᠭᠧᠩ᠂ ᠰᠢ᠂ ᠬᠢᠲᠠᠨ᠂ ᠬᠢᠲᠠᠳ᠂ ᠵᠤᠷᠢᠴᠢᠤᠨ᠂   ᠰᠤᠯᠤᠩᠭᠤᠰ  ᠂ ᠮᠣᠩᠭᠤᠯ  ᠵᠡᠷᠬᠡ ᠦᠨᠳᠥᠰᠦᠲᠡᠨ ᠤᠷᠥᠰᠢᠨ ᠠᠮᠢᠳᠤᠷᠠᠵᠦ ᠪᠠᠶᠢᠪᠠ᠃  ᠦᠡᠳᠤᠰᠤᠲᠡᠨ  ᠨᠦᠭᠦᠳ ᠤᠨ ᠠᠷᠠᠳ ᠲᠦᠮᠡᠨ ᠠᠲᠠᠯᠢ ᠪᠤᠰᠥ ᠲᠡᠦᠬᠡᠨ ᠴᠠᠭ ᠦᠶ᠎ᠡ ᠳᠤ ᠬᠠᠷᠢᠯᠴᠢᠨ ᠡᠶ᠎ᠡ ᠡᠪ ᠲᠠᠢ ᠠᠵᠤ  ᠲᠦᠷᠤᠨ  ᠠᠮᠢᠳᠤᠷᠠᠵᠦ᠂ ᠦᠪᠡᠷ ᠤᠨ   ᠦᠰᠴᠦ ᠲᠦᠷᠤᠭ᠍ᠰᠡᠨ  ᠦᠯᠥᠬᠡᠢ    ᠨᠤᠲᠤᠭ᠂ ᠦᠵᠡᠰᠭᠦᠯᠡᠩ ᠰᠠᠶᠢᠬᠠᠨ ᠠᠭᠤᠯᠠ ᠤᠰᠥ ᠪᠠᠨ ᠬᠠᠶᠢᠷᠠᠯᠠᠨ ᠬᠠᠮᠠᠭᠠᠯᠠᠵᠦ᠂ ᠬᠢᠯᠠᠯᠵᠠᠬᠰᠡᠨ ᠰᠠᠶᠢᠬᠠᠨ ᠰᠤᠶᠤᠯ  ᠢᠷᠬᠡᠨᠰᠢᠯ ᠢ  ᠪᠤᠢ  ᠪᠤᠯᠭᠠᠵᠦ   ᠪᠢᠯᠡ᠃    ︽   ᠰᠢᠯᠦᠭᠯᠡᠯᠲᠦ   ᠨᠣᠮ︾᠂  ︽ ᠱᠠᠠᠩ ᠭᠦᠩ ᠪᠤᠣ ᠰᠢᠤᠸᠠᠨ ᠨᠢᠶᠤᠥ︾ ᠵᠢᠴᠢ ᠰᠢᠤᠸᠠᠨ ᠽᠢ ᠶᠢᠨ ︽ᠴᠧᠩ ᠰᠢᠶᠠᠩ ᠫᠢᠶᠠᠨ︾ ᠳᠤ   ᠲᠡᠮᠳᠡᠭᠯᠡᠭᠰᠡᠨ ᠢᠶᠠᠷ᠄ ᠱᠠᠠᠩ ᠤᠨ ᠡᠪᠦᠭᠡ ᠲᠡᠬᠡᠳᠤᠰ ᠵᠢᠴᠢ ᠦᠷ᠎ᠡ ᠬᠡᠦᠬᠡᠳ ᠤᠳ ᠯᠤᠤᠬ᠎ᠠ ᠶᠢᠨ ᠭᠤᠥᠯ ᠤᠨ ᠲᠤᠮᠲᠠ ᠤᠷᠥᠰᠬᠠᠯ ᠤᠨ ᠬᠤᠶᠠᠷ  ᠡᠷᠭᠢ  ᠪᠤᠯᠥᠨ ᠵᠧ ᠰᠢ ᠭᠠᠵᠠᠷ ᠢᠶᠠᠷ 300 ᠭᠠᠷᠤᠢ ᠵᠢᠯ ᠨᠤᠲᠦᠬᠰᠢᠵᠠᠢ ᠬᠡᠵᠠᠢ᠃   ᠪᠠᠶᠢᠯᠳᠥᠭᠠᠨᠲᠥ ᠤᠯᠤᠰ ᠤᠨ ᠰᠡᠬᠦᠯᠴᠢ ᠶᠢᠨ ᠦᠶ᠎ᠡ ᠪᠠᠷ   ᠳ᠋ᠦᠩ ᠬᠡᠦ ᠦᠨᠳᠥᠰᠦᠲᠡᠨ ᠢᠶᠠᠷ  ᠶᠠᠠ  ᠤᠯᠤᠰ ᠤᠨ ᠠᠷᠤ ᠬᠢᠯᠢ ᠪᠠᠷ ᠲᠠᠶᠢᠨ ᠤ ᠰᠦᠷᠳᠡᠭᠦᠯᠬᠡ   ᠶᠠᠪᠤᠭᠤᠯᠤᠬᠰᠡᠨ ᠢᠶᠠᠷ ᠶᠠᠠ ᠤᠯᠤᠰ ᠤᠨ ᠵᠠᠩᠵᠤᠨ ᠴᠢᠨ ᠺᠠᠢ ᠨᠡᠨ ᠱᠠ ᠪᠠᠷ ᠳ᠋ᠦᠩ ᠬᠡᠦ ᠶᠢ ᠢᠯᠠᠵᠦ᠂ ᠤᠷᠳᠥ ᠴᠠᠭᠠᠨ ᠬᠡᠷᠡᠮ  ᠪᠠᠶᠢᠭᠤᠯᠤᠨ᠂ ᠴᠠᠭᠠᠨ ᠬᠡᠷᠡᠮ ᠲᠠᠭᠠᠭᠤᠯᠤᠨ  ᠲᠠᠪᠤᠨ  ᠵᠢᠶᠦ᠋ᠨ ᠲᠤᠬᠲᠠᠭᠠᠵᠠᠢ᠃ ᠤᠳᠥ ᠶᠢᠨ ᠬᠠᠷᠠᠴᠢᠨ ᠬᠤᠰᠢᠭᠤ ᠨᠢ ᠪᠠᠷᠠᠭᠤᠨ ᠪᠧᠢ ᠫᠢᠩ  ᠵᠢᠶᠦ᠋ᠨ ᠤ ᠬᠠᠷᠢᠶᠠᠯᠡᠯ ᠳᠤ ᠪᠠᠭᠲᠠᠵᠦ ᠪᠠᠶᠢᠵᠠᠢ᠃ ᠸᠧᠢ᠂ ᠶᠢᠨ ᠤ ᠲᠠᠷᠠᠭ᠎ᠠ  ᠰᠢᠶᠠᠨ ᠢᠤᠢ ᠪᠢᠴᠢᠭ ᠤᠨ ᠬᠡᠯᠲᠡᠰ ᠪᠤᠯᠥᠨ ᠽᠢ ᠮᠧᠩ ᠴᠢᠥᠸᠠᠨ ᠢ ᠪᠠᠶᠢᠭᠤᠯᠵᠠᠢ᠃   ᠲᠠᠩ ᠤᠨ ᠵᠧᠨ ᠭᠤᠸᠠᠡ  ᠤ ᠦᠶ᠎ᠡ ᠳᠤ ᠬᠠᠷᠠᠴᠢᠨ ᠬᠤᠰᠢᠭᠤ ᠶᠢᠨ ᠬᠢᠯᠢ ᠳᠤ ᠷᠤᠥ   ᠳ᠋ᠦᠩ ᠯᠧ   ᠳ᠋ᠦ᠋ ᠳ᠋ᠦ᠋  ᠶᠢᠨ ᠤᠷᠳᠤᠨ ᠪᠤᠯᠥᠨ ᠭᠥᠩ ᠮᠥᠸᠧ  ᠳ᠋ᠦ᠋  ᠳ᠋ᠦ᠋  ᠶᠢᠨ ᠤᠷᠳᠤᠨ ᠬᠡᠵᠦ ᠲᠤᠰ ᠲᠤᠰ ᠪᠠᠶᠢᠭᠤᠯᠵᠠᠢ᠃                                                                                                                            ᠨᠡᠶᠢᠲᠡ ᠶᠢᠨ ᠤᠡ  ᠲᠤᠭᠠᠯᠠᠯ ᠤᠨ 916 ᠤᠡ ᠳᠤ  ᠶᠧ ᠯᠢᠤᠢ ᠠᠪᠦᠵᠢ ᠬᠢᠲᠠᠨ ᠢ ᠨᠢᠬᠡᠳᠭᠡᠵᠦ᠂ ᠬᠢᠲᠠᠨ ᠤᠯᠥᠰ ᠢ  ᠪᠠᠶᠢᠭᠤᠯᠵᠦ᠂ ᠤᠡ ᠤ  ᠴᠤᠯᠠ ᠪᠠᠨ ᠯᠢᠶᠤᠥ ᠬᠡᠵᠦ ᠬᠠᠯᠠᠪᠠ᠃  ᠶᠧ ᠯᠢᠤᠢ ᠠᠪᠦᠵᠢ ᠪᠠᠷ ᠬᠢᠲᠠᠳ ᠤᠨ ᠰᠤᠶᠤᠯ ᠢ ᠠᠭᠤᠰᠬᠠᠨ  ᠬᠡᠷᠡᠭᠯᠡᠵᠦ᠂ ᠬᠢᠲᠠᠨ ᠦᠰᠦᠭ  ᠤᠨ ᠶᠡᠭᠡ ᠪᠠᠭ᠎ᠠ ᠦᠰᠦᠭ  ᠤᠨ ᠬᠢᠪ ᠢ ᠪᠦᠳᠦᠬᠡᠯᠴᠢ ᠪᠠᠷ  ᠬᠡᠷᠡᠭᠯᠡᠵᠦ᠂ ᠲᠠᠷᠢᠶᠠᠯᠠᠩ᠂  ᠲᠡᠵᠢᠭᠡᠯ  ᠦᠢᠯᠡᠰ ᠢ ᠶᠡᠭᠡ ᠪᠠᠷ  ᠭᠦᠭᠵᠢᠭᠦᠯᠵᠦ᠂   ᠭᠦᠴᠤᠷᠬᠡᠭ ᠶᠡᠭᠡ ᠤᠮᠠᠷᠠᠳᠤ ᠶᠢᠨ ᠵᠠᠰᠠᠭ ᠲᠦᠷᠤ ᠶᠢᠨ ᠡᠷᠬᠡ ᠪᠠᠨ ᠪᠠᠬᠢᠵᠢᠭᠦᠯᠥᠭᠰᠡᠨ ᠪᠢᠯᠡ᠃ ᠤᠳᠥ ᠶᠢᠨ ᠬᠠᠷᠠᠴᠢᠨ ᠬᠤᠰᠢᠭᠤ ᠶᠢᠨ ᠬᠠᠷᠢᠶᠠᠨ ᠳᠤ ᠪᠠᠶᠢᠭ᠎ᠠ  ᠶᠧ ᠯᠢᠤᠢ ᠤᠪᠥᠬᠲᠡᠨ ᠤ ᠬᠦᠰᠢᠶᠡᠨ ᠪᠢᠴᠢᠭ ᠲᠤᠷ  ᠄ ︽ ᠶᠧ ᠯᠢᠤᠢ ᠤᠪᠥᠬᠲᠡᠨ ᠤ ᠲᠦᠷᠦᠯ ᠤᠨ ᠲᠤᠮᠲᠠ  ᠨᠢᠭᠡᠨ ᠴᠡᠷᠢᠭ ᠲᠠᠶᠢᠨ ᠳᠤ ᠴᠠᠭᠠᠷᠠᠨᠰᠨ ᠶᠡᠭᠡ ᠵᠠᠩᠵᠦᠨ᠂ ᠯᠢᠶᠤᠥ ᠤᠯᠥᠰ ᠤᠨ ᠲᠡᠤᠬᠡᠨ ᠳᠤ  ᠤᠨᠴᠠᠭᠠᠢ ᠪᠠᠶᠢᠷᠢ  ᠰᠠᠭᠤᠷᠢ  ᠶᠢ ᠡᠵᠡᠯᠡᠵᠦ ᠪᠠᠶᠢᠪᠠ︾ ᠬᠡᠵᠦ  ᠲᠡᠮᠳᠡᠭᠯᠡᠵᠦ  ᠪᠤᠢ  ᠃         ᠬᠤᠰᠢᠭᠤᠨ ᠤ  ᠬᠠᠷᠠᠶᠠᠨ ᠠᠴᠠ ᠤᠯᠲᠠᠬᠰᠡᠨ ᠲᠡᠤᠬᠡ ᠶᠢᠨ  ᠲᠤᠷᠡᠰᠬᠠᠯᠳᠥ  ᠪᠤᠲᠠᠰ ᠠᠴᠠ ᠯᠢᠶᠤᠥ ᠤᠯᠥᠰ ᠤᠨ ᠦᠶ᠎ᠡ ᠳᠤ ᠬᠠᠷᠠᠴᠢᠨ ᠬᠤᠰᠢᠭᠤ ᠶᠢᠨ ᠲᠠᠷᠢᠶᠠᠯᠠᠩ᠂ ᠭᠠᠷ  ᠦᠢᠯᠡᠳᠪᠤᠷᠢ ᠦᠳᠲᠡᠷ ᠲᠦᠷᠬᠡᠨ ᠬᠦᠭᠵᠡᠵᠦ᠂ ᠠᠷᠠᠳ ᠤᠯᠠᠨ ᠠᠮᠥᠭᠤᠯᠠᠩ ᠲᠠᠶᠢᠪᠤᠩ ᠠᠵᠤ  ᠲᠦᠷᠤᠨ ᠠᠮᠢᠲᠦᠷᠵᠦ ᠪᠠᠶᠢᠵᠠᠢ ᠬᠡᠰᠡᠨ ᠢ ᠬᠡᠷᠡᠴᠢᠯᠡᠵᠦ ᠪᠤᠢ᠃       ᠬᠡᠪᠡᠴᠦ᠂ ᠶᠢᠨ ᠢ ᠮᠦᠬᠦᠬᠡᠵᠦ᠂ ᠯᠢᠶᠤᠥ ᠶᠢ ᠪᠠᠶᠢᠭᠤᠯᠬᠤ ᠦᠶᠡᠰ᠂ ᠲᠠᠶᠢᠨ ᠤ  ᠭᠠᠯ ᠭᠠᠵᠠᠷ ᠰᠠᠢ ᠦᠬᠡᠢ ᠲᠦᠷᠡᠯᠵᠡᠵᠦ᠂ ᠠᠷᠡᠳ ᠤᠯᠠᠨ ᠤ ᠠᠷᠢᠭᠤᠨ ᠴᠢᠰᠤ᠂ ᠪᠦᠯᠢᠶᠡᠨ ᠠᠮᠢ᠂ ᠲᠠᠶᠢᠨ ᠤ ᠲᠡᠮᠤᠷ ᠲᠤᠭᠤᠷᠡᠢ ᠳᠤ ᠬᠠᠮᠢᠶ᠎ᠠ ᠨᠠᠮᠢᠶ᠎ᠠ ᠦᠬᠡᠢ ᠲᠠᠯᠬᠢᠬᠲᠠᠵᠦ᠂ ᠠᠵᠤ ᠦᠢᠯᠡᠰ ᠲᠤᠷᠤᠶᠢᠲᠡᠯ ᠤᠨ ᠪᠠᠶᠢᠲᠠᠯ ᠳᠤ ᠠᠷᠭ᠎ᠠ   ᠦᠬᠡᠢ ᠤᠷᠤᠬᠰᠨ ᠪᠢᠯᠡ᠃ ᠲᠠᠶᠢᠨ ᠤ ᠲᠠᠷᠠᠭ᠎ᠠ   ᠡᠶᠢᠨᠬᠦ ᠪᠠᠶᠢᠲᠠᠯ ᠨᠢ ᠢᠳᠡᠭ ᠢᠳᠡᠭ ᠪᠠᠷ ᠰᠠᠶᠢᠵᠢᠷᠠᠵᠦ᠂ ᠤᠥᠯ ᠬᠡᠪ ᠲᠡᠭᠡᠨ ᠤᠷᠤᠵᠦ ᠪᠢᠯᠡ᠃     ᠶᠤᠸᠠᠨ  ᠤᠯᠤᠰ ᠪᠠᠶᠢᠭᠤᠯᠤᠬᠲᠠᠬᠰᠡᠨ ᠤ ᠰᠡᠭᠦᠯᠡᠷ  ᠬᠠᠷᠠᠴᠢᠨ ᠬᠤᠰᠢᠭᠤ ᠨᠢ ᠱᠠᠩᠳᠥ ᠨᠠᠶᠢᠰᠯᠡᠯ ᠳᠤ ᠬᠠᠮᠢᠶᠠᠷᠬᠲᠠᠵᠦ ᠪᠠᠶᠢᠪᠠ᠃ ᠬᠤᠵᠢᠮ ᠨᠢ  ᠬᠠᠷᠠᠴᠢᠨ   ᠬᠤᠰᠢᠭᠤ ᠳᠤ ᠰᠡᠭᠦᠯᠴᠢ ᠪᠠᠷ ᠨᠡᠭᠦᠵᠦ ᠢᠷᠡᠭᠰᠡᠨ ᠤᠷᠢᠶᠠᠩᠬᠠᠢ ᠠᠶᠢᠮᠠᠭ ᠶᠢᠨ ᠲᠡᠬᠡᠳᠤᠰ  ᠂ ᠴᠢᠩᠭᠡᠰ ᠬᠠᠭᠠᠨ ᠤ ᠭᠠᠪᠢᠶᠠᠳᠥ ᠲᠦᠰᠢᠮᠡᠯ ᠵᠠᠯᠮ᠎ᠠ ᠲᠤᠰᠢᠶᠠᠯ ᠭᠥᠯᠢᠶᠡᠵᠦ᠂ ᠬᠠᠷᠠᠴᠢᠨ ᠬᠤᠰᠢᠭᠤ ᠶᠢ ᠵᠠᠬᠢᠷᠠᠴᠥ  ᠪᠠᠶᠢᠬᠰᠡᠨ ᠢᠶᠠᠷ ᠬᠠᠷᠠᠴᠢᠨ ᠬᠤᠰᠢᠭᠤ ᠨᠢ ᠤᠥᠯ ᠤᠨ ᠲᠠᠷᠠᠬᠠᠢ ᠪᠤᠲᠠᠷᠬᠠᠢ᠂ ᠬᠡᠰᠡᠭᠯᠡᠨ   ᠬᠤᠪᠢᠶᠠᠬᠲᠠᠬᠰᠡᠨ ᠪᠠᠶᠢᠲᠡᠯ  ᠶᠢ  ᠡᠴᠥᠰᠯᠡᠭᠦᠯᠥᠬᠰᠡᠨ ᠶᠤᠮ᠃  ᠠᠭᠯᠠᠭ ᠠᠭᠤᠯᠠ ᠶᠢᠨ ᠬᠠᠭᠤᠴᠢᠨ ᠰᠦᠮ᠎ᠡ ᠯᠦᠩ ᠴᠢᠤᠸᠠᠨ ᠬᠡᠶᠢᠳ ᠤᠨ   ᠲᠡᠮᠲᠡᠬᠡᠯᠡᠯ ᠳᠤ ︽ᠶᠤᠸᠠᠨ ᠤᠯᠤᠰ ᠤᠨ ᠲᠡᠬᠡᠳᠥ ᠦᠶ᠎ᠡ ᠳᠤ ᠨᠢᠭᠡᠨ ᠣᠪᠣᠭ ᠵᠠᠩ᠂ ᠨᠡᠷ᠎ᠡ ᠵᠢᠢ  ᠷᠠᠡ ᠭᠡᠳᠡᠭ ᠬᠤᠤᠱᠠᠩ ᠮᠢᠩᠭᠠᠨ ᠭᠠᠵᠠᠷ ᠤᠨ ᠬᠤᠯᠠ ᠪᠠᠷᠠᠭᠤᠨ ᠭᠠᠵᠠᠷ ᠠᠴᠠ  ᠠᠨᠡᠭᠦ ᠠᠬᠯᠠᠭ ᠠᠭᠤᠯᠠᠨ ᠳᠤ ᠬᠦᠷᠴᠦ ᠢᠷᠡᠨ᠂ ᠯᠦᠩ ᠴᠢᠤᠸᠠᠨ ᠰᠧ ᠰᠦᠮ᠎ᠡ ᠶᠢ ᠪᠠᠶᠢᠭᠤᠯᠵᠦ᠂ ᠰᠢᠷ᠎ᠠ ᠶᠢᠨ  ᠱᠠᠰᠢᠨ ᠢ  ᠲᠡᠯᠬᠡᠷᠡᠭᠦᠯᠵᠦ᠂ ᠡᠭᠦᠨ ᠠᠴᠠ ᠬᠤᠶᠢᠰᠢ ᠠᠲᠡᠬᠢ ᠶᠢᠨ ᠦᠷᠬᠡᠨ ᠤᠯᠡᠨ  ᠲᠦᠮᠡᠨ ᠰᠦᠰᠦᠭ ᠪᠢᠰᠢᠷᠡᠯ ᠢᠶᠠᠨ ᠬᠦᠢᠴᠢᠳᠬᠡᠭᠦ ᠰᠦᠵᠢᠭ ᠤᠨ  ᠤᠷᠤᠨ ᠪᠤᠯᠥᠬᠰᠡᠨ ᠪᠠᠶᠢᠨ᠎ᠠ︾  ᠬᠡᠵᠠᠢ᠃               ᠴᠢᠩ ᠤᠯᠤᠰ ᠤᠨ ᠦᠶ᠎ᠡ ᠳᠤ ᠮᠣᠩᠭᠤᠯ ᠭᠠᠵᠠᠷ  ᠲᠤ ᠠᠶᠢᠮᠠᠭ᠂ ᠬᠤᠰᠢᠭᠤ ᠶᠢᠨ ᠳᠦᠷᠢᠮ ᠢ ᠬᠡᠷᠡᠭᠵᠢᠭᠦᠯᠵᠦ ᠪᠠᠶᠢᠪᠠ᠃ ᠴᠢᠩ ᠤᠨ ᠵᠠᠰᠠᠭ ᠠᠴᠠ ᠡᠯ᠎ᠡ ᠮᠣᠩᠭᠤᠯ ᠬᠤᠰᠢᠭᠤᠳ ᠤᠨ ᠸᠠᠩ ᠭᠦᠩ᠂ ᠢᠵᠠᠭᠤᠷᠲᠠᠨ  ᠢ ᠰᠢᠭᠤᠳ ᠲᠣᠰᠢᠶᠠᠯ ᠳᠤ  ᠲᠤᠮᠢᠯᠠᠵᠦ᠂ ᠡᠯ᠎ᠡ ᠬᠤᠰᠢᠭᠤᠨ ᠤ ᠵᠠᠰᠠᠭ ᠸᠠᠩ ᠬᠤᠰᠢᠭᠤ ᠶᠢᠨ ᠡᠷᠬᠡ ᠶᠢ  ᠮᠡᠲᠡᠵᠦ᠂ ᠭᠤᠷᠪᠠᠨ ᠵᠢᠯ ᠳᠤ ᠨᠢᠭᠡ ᠤᠲᠠᠭ᠎ᠠ ᠠᠶᠢᠮᠠᠭ ᠲᠤ  ᠴᠤᠭᠯᠠᠷᠠᠵᠤ᠂ ᠲᠦᠷᠤ ᠶᠢᠨ ᠬᠡᠷᠡᠭ ᠢ ᠵᠥᠪᠲᠡᠯᠴᠡᠵᠦ  ᠪᠠᠶᠢᠪᠠ᠃      ᠬᠠᠷᠠᠴᠢᠨ ᠪᠠᠷᠠᠭᠤᠨ ᠭᠠᠷᠤᠨ ᠬᠤᠰᠢᠭᠤ ᠶᠢᠨ ᠨᠢᠬᠡᠲᠤᠬᠡᠷ ᠦᠶ᠎ᠡ ᠶᠢᠨ ᠵᠠᠰᠠᠭ ᠨᠤᠶᠠᠨ ᠭᠠᠯᠰᠠᠩᠵᠠᠪ ᠢ ᠪᠡᠶᠢᠯᠡ ᠪᠠᠷ᠂ ᠭᠤᠷᠪᠠᠲᠤᠭᠠᠷ ᠦᠶ᠎ᠡ  ᠶᠢᠨ ᠵᠠᠰᠠᠭ ᠨᠣᠶᠠᠨ ᠪᠠᠨᠲᠠᠷᠠᠰᠢ ᠶᠢ   ᠵᠢᠶᠦ᠋ᠨ ᠸᠠᠩ ᠢᠶᠠᠷ᠂  ᠨᠶᠢᠮᠠᠲᠤᠭᠠᠷ   ᠦᠶ᠎ᠡ  ᠶᠢᠨ ᠯᠠᠳᠡᠨᠠᠰᠢ ᠶᠢ ᠴᠢᠨ ᠸᠠᠩ ᠢᠶᠠᠷ ᠲᠤᠰ ᠲᠤᠰ ᠲᠤᠮᠢᠯᠠᠪᠠ᠃ ᠠᠷᠪᠠᠨ ᠭᠡᠷ ᠤᠨ ᠬᠦᠩᠵᠦ ᠶᠢᠨ ᠣᠩᠭᠤᠨ ᠬᠡᠳᠤᠶᠢᠪᠡᠷ  ᠦᠯᠡᠳᠡᠵᠦ ᠬᠤᠴᠤᠷᠠᠵᠦ  ᠴᠢᠲᠡᠭᠰᠡᠨ ᠦᠬᠡᠢ  ᠴᠦ  ᠤᠩᠭᠤᠨ ᠤ ᠴᠢᠯᠠᠭᠤᠨ ᠭᠦᠰᠢᠶ᠎ᠠ   ᠨᠢ ᠬᠦᠮᠤᠰ ᠲᠤ  ᠄ ︽ ᠡᠩᠬᠡ  ᠠᠮᠥᠭᠤᠯᠠᠩ ᠶᠢᠨ 31 ᠣᠨ  ︵1692︶ ᠳᠤ ᠨᠢᠭᠡᠨ ᠠᠯᠲᠠᠨ ᠤ ᠰᠠᠯᠠᠭ᠎ᠠ᠂ ᠬᠠᠰ ᠤᠨ ᠨᠠᠪᠴᠢᠰ  ᠡᠩᠭᠡ ᠠᠮᠥᠭᠤᠯᠠᠩ ᠬᠠᠭᠠᠨ ᠤ  ᠲᠠᠪᠤᠲᠤᠭᠠᠷ ᠦᠬᠢᠨ᠂ ᠬᠠᠷᠠᠴᠢᠨ ᠪᠠᠷᠠᠭᠤᠨ ᠭᠠᠷᠤᠨ ᠬᠤᠰᠢᠭᠤᠨ ᠳᠤ ᠪᠤᠬᠲᠥᠯᠠᠬᠲᠠᠵᠦ ᠢᠷᠡᠵᠠᠢ  ︾ ᠬᠡᠵᠦ ᠬᠡᠯᠡᠵᠦ ᠦᠭᠴᠥ ᠪᠤᠢ᠃ ᠭᠦᠨ ᠤᠷᠳᠥᠨ ᠤ  ᠭᠤᠪᠠᠢ ᠭᠦᠩᠵᠦ ᠭᠤᠪᠢ ᠶᠢᠨ   ᠭᠠᠲᠡᠨᠡᠬᠢ ᠮᠣᠩᠭᠤᠯ ᠬᠤᠰᠢᠭᠤ ᠳᠤ ᠢᠷᠡᠬᠦ ᠳᠡᠭᠡᠨ ᠮᠠᠰᠢ ᠤᠯᠠᠨ ᠭᠠᠷ ᠤᠷᠠᠯᠢᠭᠴᠢᠨ᠂ ᠪᠠᠷᠢᠯᠭ᠎ᠠ ᠶᠢᠨ  ᠮᠡᠷᠬᠡᠵᠢᠯᠲᠡᠨ᠂  ᠴᠡᠴᠡᠷᠯᠢᠩ ᠤᠨ ‍ᠤ᠋ ᠲᠤᠰᠬᠠᠢ   ᠮᠡᠷᠬᠡᠵᠢᠯᠲᠡᠨ ᠢᠶᠠᠨ ᠲᠠᠭᠠᠭᠤᠯᠤᠨ ᠢᠷᠡᠵᠦ᠂ ᠭᠤᠪᠢ ᠶᠢᠨ   ᠭᠠᠲᠡᠨᠡᠬᠢ ᠮᠣᠩᠭᠤᠯ  ᠨᠤᠲᠤᠭ ᠤᠨ  ᠠᠵᠤ ᠦᠢᠯᠡᠰ ᠤᠨ ᠭᠦᠭᠵᠢᠯᠲᠡ᠂ ᠬᠢᠯᠢ ᠬᠢᠵᠠᠭᠠᠷ ᠤᠨ ᠲᠤᠬᠲᠠᠭᠤᠨ ᠢ  ᠪᠠᠲᠤᠯᠠᠬᠤ  ᠳᠤ  ᠲᠤᠩ ᠶᠡᠭᠡ ᠭᠠᠪᠢᠶ᠎ᠠ ᠵᠢᠳᠬᠦᠯ   ᠦᠵᠡᠭᠦᠯᠥᠩᠰᠡᠨ ᠶᠤᠮ᠃ ᠡᠭᠦᠨ ᠤ ᠤᠯᠠᠮ ᠢᠶᠠᠷ  ᠡᠩᠭᠡ ᠠᠮᠥᠭᠤᠯᠠᠩ᠂  ᠲᠡᠭᠷᠢ  ᠲᠡᠳᠭᠦᠭᠴᠢ ᠵᠡᠷᠭᠡ  ᠬᠠᠭᠠᠳ ᠬᠠᠷᠠᠴᠢᠨ ᠪᠠᠷᠠᠭᠤᠨ ᠭᠠᠷᠤᠨ ᠬᠤᠰᠢᠭᠤᠨ ᠳᠤ 9 ᠤᠲᠠᠭ᠎ᠠ ᠢᠷᠡᠵᠦ ᠲᠤᠭᠤᠷᠢᠨ ᠪᠠᠶᠢᠴᠠᠭᠠᠵᠦ ᠦᠩᠬᠡᠷᠡᠯ᠎ᠡ ᠬᠡᠵᠦ ᠲᠡᠮᠲᠡᠭᠯᠡᠵᠦ ᠪᠤᠢ᠃     ᠴᠠᠭᠠᠬᠴᠢᠨ ᠭᠠᠭ᠋ᠠᠢ ᠵᠢᠯ ᠤᠨ ᠬᠤᠪᠢᠰᠬᠠᠯ ᠢᠯᠠᠯᠲᠠ ᠤᠯᠥᠬᠰᠡᠨ ᠤ ᠲᠠᠷᠠᠭ᠎ᠠ᠂ ᠬᠠᠷᠠᠴᠢᠨ  ᠪᠠᠷᠠᠭᠤᠨ ᠭᠠᠷᠤᠨ ᠬᠤᠰᠢᠭᠤ ᠶᠢᠨ ᠵᠠᠰᠠᠭ ᠨᠤᠶᠠᠨ ᠭᠦᠩᠰᠡᠩᠨᠤᠷᠪᠤᠥ᠂ ᠮᠣᠩᠭᠤᠯ ᠤᠨ ᠸᠠᠩ  ᠬᠦᠩ ᠤᠨ    ᠬᠠᠮᠲᠣᠷᠬᠰᠡᠨ   ᠬᠤᠷᠡᠯ ᠢ  ᠵᠤᠬᠡᠶᠠᠨ ᠪᠠᠶᠢᠭᠤᠯᠠᠵᠦ  ᠢᠯᠡᠷᠬᠡᠶᠢᠯᠡᠯ  ᠨᠠᠶᠢᠲᠡᠯᠡᠵᠦ : ︽ᠤᠯᠠᠨ ᠸᠠᠩ ᠨᠤᠶᠠᠳ    ᠪᠦᠬᠦᠲᠡ ᠨᠠᠶᠢᠷᠠᠮᠲᠠᠬᠤ ᠶᠢ  ᠳᠡᠮᠵᠢᠵᠤ᠂ ᠬᠠᠮᠳᠤᠪᠡᠷ ᠢᠷᠬᠡᠨ ᠤᠯᠤᠰ ᠢ ᠪᠠᠶᠢᠭᠤᠯᠤᠶ᠎ᠠ︾ ᠬᠡᠰᠡᠨ  ᠤᠷᠢᠶ᠎ᠠ ᠳᠤᠷᠠᠳᠪᠠ᠃ ᠬᠠᠷᠠᠴᠢᠨ ᠪᠠᠷᠠᠭᠤᠨ ᠭᠠᠷᠤᠨ ᠬᠤᠰᠢᠭᠤ ᠳᠤ ᠡᠷᠲᠡᠮᠲᠡᠨ ᠮᠡᠷᠬᠡᠳ ᠵᠠᠯᠭ᠎ᠠ ᠵᠠᠯᠭ᠎ᠠ ᠪᠠᠷ ᠢᠯᠡᠷᠡᠨ ᠭᠠᠷᠤᠯ᠎ᠠ᠃ ᠴᠢᠩ ᠤᠯᠤᠰ ᠤᠨ ᠲᠡᠭᠷᠢ ᠲᠡᠳᠭᠦᠭᠴᠢ ᠶᠢᠨ30 ᠣᠨ ︵1765︶ ᠳᠤ  ᠨᠢᠤ ᠵᠢᠶ᠋ᠨ ᠶᠢᠩᠽ ᠤᠨ  ᠳ᠋ᠦ᠋ ᠨᠧᠩ ᠸᠧᠨ᠂ ᠱᠢᠪᠡ ᠭᠤᠥᠯ ᠤᠨ ᠲᠤᠥᠷᠡᠲᠤ ᠤᠷᠤᠰᠬᠠᠯ ᠳᠤ ᠨᠢᠭᠡ ᠬᠠᠰᠢᠯᠭ᠎ᠠ ᠦᠬᠡᠢ ᠪᠠᠷ  ᠤᠷᠤᠰᠬᠤ ᠤᠰᠤᠨ ᠰᠤᠪᠠᠭ ᠢ ᠵᠢᠷᠤᠨ  ᠲᠦᠯᠦᠪᠯᠡᠵᠦ ᠭᠠᠷᠭᠠᠬᠰᠡᠨ ᠢᠶᠠᠷ ᠬᠠᠷᠠᠴᠢᠨ ᠬᠤᠰᠢᠭᠤ ᠨᠢ ᠡᠭᠦᠨ ᠠᠴᠠ ᠡᠬᠢᠯᠡᠨ ᠤᠰᠤᠯᠡᠯᠲᠠ ᠶᠢᠨ  ᠡᠬᠢᠯᠡᠯᠲᠡ ᠶᠢᠨ  ᠰᠠᠭᠤᠷᠢ  ᠶᠢ ᠲᠠᠯᠪᠢᠵᠦ  ᠦᠭᠪᠡ᠃ ᠴᠢᠩ ᠤᠯᠤᠰ ᠤᠨ ᠰᠠᠶᠢᠰᠢᠶᠠᠯᠠᠲᠤ ᠢᠷᠤᠬᠡᠯᠲᠤ  ᠶᠢᠨ ᠦᠶ᠎ᠡ ᠳᠤ ᠨᠢᠤ ᠵᠢᠶ᠋ᠨ ᠶᠢᠩᠽ ᠲᠤᠰᠬᠤᠨ ᠤ ᠭᠦᠸᠧ  ᠴᠦᠨ ᠽᠤᠥ  ᠪᠡᠬᠡᠵᠢᠩ ᠳᠤ   ᠤᠷᠤᠵᠦ᠂ ᠰᠢᠯᠭᠠᠯᠲᠠ ᠳᠤ  ᠤᠷᠤᠯᠴᠠᠭᠠᠳ ᠰᠤᠩᠭᠤᠯᠲᠠ ᠳᠤ  ᠤᠷᠤᠪᠠ᠂ ᠬᠦᠮᠤᠰ ᠲᠡᠭᠦᠨ ᠢ ︽ᠭᠦᠸᠧ ᠰᠤᠩᠭᠤᠯᠲᠠ︾ ᠬᠡᠵᠦ    ᠳᠠᠭᠤᠳᠠᠳᠠᠭ᠃ ᠭᠦᠸᠧ  ᠴᠦᠨ ᠽᠤᠥ  ᠪᠢᠴᠢᠭ  ᠰᠤᠳᠦᠷ ᠲᠤ ᠨᠡᠪᠲᠡᠷᠡᠭᠰᠡᠨ ᠢᠶᠠᠷ ᠦᠯᠦ ᠪᠠᠷᠡᠮ ᠲᠡᠷᠡ ᠪᠠᠰᠠ ᠬᠠᠷᠠᠴᠢᠨ ᠬᠤᠰᠢᠭᠤ᠂  ᠤᠯᠠᠭᠠᠨᠬᠠᠲᠠ ᠳᠤ ᠬᠡᠳᠦ ᠬᠡᠳᠤᠨ ᠲᠠᠨᠵᠢ ᠶᠢᠨ ᠫᠦᠰᠡ᠂  ᠠᠷᠢᠬᠢᠨ ᠤ ᠤᠶᠢᠯᠡᠳᠪᠥᠷᠢ᠂ ᠠᠮᠤ ᠪᠤᠳᠠᠭᠠᠨ ᠤ ᠲᠡᠯᠬᠡᠭᠦᠷ  ᠡᠵᠡᠭᠨᠡᠵᠦ ᠬᠤᠯᠡ ᠤᠶᠢᠷ᠎ᠠ ᠳᠠᠭᠠᠨ ᠨᠡᠷᠡᠲᠠᠢ ᠪᠠᠶᠠᠨ ᠡᠷᠣᠬᠡ   ᠪᠠᠶᠢᠵᠠᠢ᠃ ᠴᠢᠩ ᠤᠯᠤᠰ ᠤᠨ ᠪᠠᠲᠠᠷᠠᠭᠤᠯᠳᠥ ᠲᠦᠷᠤ ᠶᠢᠨ ᠦᠶ᠎ᠡ ᠳᠤ ᠲᠦᠷᠦᠭᠰᠡᠨ ᠬᠠᠷᠠᠴᠢᠨ ᠪᠠᠷᠠᠭᠤᠨ ᠭᠠᠷᠤᠨ  ᠬᠤᠰᠢᠭᠤᠨ ᠤ ᠲᠡᠮᠡᠬᠡᠳᠤ ᠪᠣᠯ  ᠮᠣᠩᠭᠤᠯ᠂ ᠳᠦᠪᠡᠳ  ᠦᠰᠦᠭ ᠤᠨ ᠲᠤᠭᠤᠯᠭᠠᠨ ᠪᠠᠷ ᠢ ᠡᠭᠦᠲᠣᠨ  ᠪᠦᠲᠦᠬᠡᠭᠰᠡᠨ ᠪᠦᠬᠦ ᠤᠯᠤᠰ ᠲᠤ  ᠠᠯᠲᠠᠷ ᠲᠠᠢ ᠬᠦᠮᠦᠨ  ᠶᠤᠮ᠂ ᠲᠡᠷᠡ ᠪᠠᠷ ᠮᠣᠩᠭᠤᠯ᠂ ᠳᠦᠪᠡᠳ ᠤᠨ ᠬᠡᠪᠯᠡᠯ  ᠳᠠᠷᠤᠮᠠᠯᠯᠠᠯ ᠤᠨ ᠤᠶᠢᠯᠡᠰ ᠢ ᠤᠷᠥᠬᠰᠢ  ᠠᠬᠢᠭᠤᠯᠥᠬᠰᠡᠨ ᠢᠶᠠᠷ ᠪᠠᠷᠠᠬᠤ ᠦᠬᠡᠢ ᠮᠠᠨ ᠤ ᠤᠯᠤᠰ ᠤᠨ ᠮᠣᠩᠭᠤᠯ᠂ ᠳᠦᠪᠡᠳ   ᠦᠰᠦᠭ  ᠤᠨ ᠲᠤᠭᠤᠯᠭᠠᠨ ᠪᠠᠷ ᠦᠬᠡᠢ ᠲᠡᠣᠭᠡ ᠶᠢ  ᠡᠴᠤᠰᠯᠡᠬᠦᠯᠥᠬᠰᠡᠨ  ᠪᠢᠯᠡ᠃ ᠲᠡᠮᠡᠬᠡᠲᠤ ᠮᠣᠩᠭᠤᠯ᠂ ᠮᠠᠨᠵᠦ᠂ ᠬᠢᠲᠠᠳ᠂ ᠳᠦᠪᠡᠳ ᠤᠨ ᠲᠡᠣᠬᠡ ᠰᠤᠶᠤᠯ ᠳᠤ ᠨᠡᠪᠲᠡᠷᠡᠭᠰᠡᠨ ᠢᠶᠠᠷ ᠦᠯᠤ ᠪᠠᠷᠠᠮ ᠨᠠᠶᠢᠷᠠᠭᠤᠯᠬᠤ᠂ ᠤᠷᠴᠢᠭᠤᠯᠬᠤ  ᠂ ᠬᠡᠪᠯᠡᠨ  ᠳᠠᠷᠤᠮᠠᠯᠯᠠᠬᠤ ᠳᠤ  ᠴᠠᠭᠠᠷᠠᠬᠰᠡᠨ   ᠬᠦᠮᠦᠨ  ᠃ ᠲᠡᠬᠦᠨ ᠤ  ᠪᠦᠳᠦᠬᠡᠯ  50 ᠢᠯᠡᠬᠦᠤ ᠨᠣᠮ ᠲᠡᠪᠲᠡᠷ ᠪᠠᠶᠢᠵᠦ᠂  ᠵᠡᠷᠢᠮ ᠨᠣᠮ ᠨᠢ ᠨᠢᠬᠡᠨᠳᠡ ᠶᠠᠫᠣᠨ᠂ ᠤᠷᠤᠰ᠂  ᠹᠷᠠᠨᠼᠢ ᠵᠡᠷᠬᠡ ᠤᠯᠤᠰ ᠬᠦᠷᠥᠨ ᠳᠤ   ᠲᠠᠷᠬᠠᠬᠲᠠᠬᠰᠡᠨ  ᠪᠠᠶᠢᠨ᠎ᠠ᠃     ᠴᠢᠩ ᠤᠯᠤᠰ ᠤᠨ   ᠪᠦᠷᠢᠨᠳᠤ ᠵᠠᠰᠬᠳᠤ ᠶᠢᠨ ᠠᠷᠪᠡᠨ ᠨᠢᠭᠡᠨ ᠣᠨ ︵1872︶ ᠳᠤ ᠲᠦᠷᠣᠭ᠍ᠰᠡᠨ ᠬᠠᠷᠠᠴᠢᠨ ᠪᠠᠷᠠᠭᠤᠨ ᠭᠠᠷᠤᠨ ᠬᠤᠰᠢᠭᠤ ᠶᠢᠨ ᠠᠷᠪᠡᠨ  ᠳᠦᠷᠪᠡᠳᠦᠬᠡᠷ   ᠵᠠᠰᠠᠭ ᠵᠢᠶᠦ᠋ᠨ ᠸᠠᠩ ᠤᠨ ᠲᠡᠬᠡᠷ᠎ᠠ ᠴᠢᠨ ᠸᠠᠩ ᠨᠡᠮᠡᠵᠦ ᠡᠷᠭᠦᠮᠵᠢᠯᠡᠭᠲᠡᠰᠡᠨ ᠬᠦᠩᠰᠠᠩᠨᠤᠷᠪᠤ ᠪᠣᠯ ᠴᠢᠩ ᠤᠯᠤᠰ ᠤᠨ  ᠲᠡᠥᠬᠡᠨ ᠳᠤ ᠨᠡᠷᠡᠲᠠᠢ ᠴᠦᠬᠡᠨ ᠲᠤᠭᠠᠳᠤ ᠦᠨᠳᠦᠰᠦᠲᠡᠨ ᠤ ᠭᠠᠷᠮᠠᠭᠠᠢ ᠵᠢᠳᠬᠦᠯᠲᠡᠨ᠃ ᠭᠦᠩᠰᠡᠩᠨᠤᠷᠪᠤᠥ᠂ ᠲᠤᠬᠰᠢᠨ ᠰᠠᠯᠬᠢ ᠰᠢᠷᠤᠬᠦᠨ ᠪᠣᠷᠤᠭᠠᠨ ᠤ ᠲᠤᠮᠲᠠ ᠦᠰᠴᠦ ᠪᠣᠶᠢᠵᠢᠨ᠂ ᠭᠠᠲᠠᠭᠠᠳᠤ ᠶᠢᠨ  ᠲᠦᠷᠢᠮᠡᠬᠡᠶᠢᠯᠡᠯ᠂   ᠤᠯᠤᠰ ᠤᠨ ᠲᠣᠲᠦᠭᠠᠳᠥ ᠶᠢᠨ ᠢᠯᠡᠵᠢᠷᠡᠯ ᠲᠤᠷᠤᠶᠢᠲᠡᠯ ᠢ ᠨᠢᠳᠦ ᠪᠠᠷ ᠢᠶᠠᠨ  ᠦᠵᠡᠭᠰᠡᠨ  ᠂ ᠵᠠᠯᠠᠭᠤ ᠨᠠᠰᠤᠨ ᠤ ᠬᠦᠩᠰᠠᠩᠨᠤᠷᠪᠤ ᠶᠢ ᠴᠠᠭ ᠦᠶ᠎ᠡ ᠲᠠᠪᠲᠡᠨ ᠪᠤᠯᠪᠠᠰᠤᠷᠠᠭᠤᠯᠵᠦ᠂ ᠤᠯᠤᠰ ᠦᠨᠳᠦᠰᠦᠲᠡᠨ ᠢᠶᠠᠨ ᠮᠦᠬᠦᠯ ᠤᠨ ᠠᠶᠤᠯ ᠠᠴᠠ ᠠᠪᠤᠷᠠᠬᠤ ᠶᠢᠨ ᠲᠦᠯᠥᠬᠡ ᠠᠷᠡᠳ ᠤᠨ ᠰᠤᠷᠭᠠᠭᠤᠯᠢ ᠪᠠᠶᠢᠭᠤᠯᠵᠦ᠂ ᠭᠠᠷ ᠣᠶᠢᠯᠡᠳᠪᠦᠷᠢ  ᠪᠠᠶᠢᠭᠤᠯᠬᠤ᠂ ᠲᠠᠷᠢᠶᠠᠯᠠᠩ ᠢ  ᠬᠦᠭᠵᠡᠭᠦᠯᠬᠦ ᠵᠡᠷᠭᠡ ᠠᠯᠢ ᠤᠯᠠᠨ ᠪᠦᠲᠦᠮᠵᠢᠲᠠᠢ ᠠᠷᠭ᠎ᠠ ᠶᠢ ᠠᠪᠴᠦ ᠦᠨᠳᠦᠰᠦᠲᠡᠨ ᠢᠶᠠᠨ ᠠᠪᠤᠷᠠᠬᠤ ᠵᠠᠮ ᠢᠶᠠᠷ ᠴᠤᠴᠡᠯᠲᠡ ᠦᠬᠡᠢ ᠴᠠᠷᠮᠠᠶᠢᠵᠦ ᠲᠡᠮᠡᠴᠡᠵᠦ ᠢᠷᠡᠵᠠᠢ᠃ ᠭᠦᠩᠰᠡᠩᠨᠤᠷᠪᠤᠥ ᠤᠯᠠᠨ ᠤᠲᠠᠭ᠎ᠠ ᠪᠡᠬᠡᠵᠢᠩ   ᠳᠤ  ᠬᠦᠷᠴᠦ᠂   ᠲᠡᠷᠡ ᠦᠶ᠎ᠡ ᠵᠢᠨ‌ᠦᠵᠡᠯ ᠰᠠᠨᠠᠭ᠎ᠠ   ᠨᠢ   ᠲᠠᠪᠰᠢᠬᠰᠡᠨ   ᠰᠦᠨ ᠵᠦᠩ ᠱᠠᠨ᠂ ᠶᠠᠠ ᠬᠡᠦ᠂ ᠯᠢᠶᠠᠩ ᠴᠢ ᠴᠤᠥ ᠨᠠᠷ ᠲᠠᠢ  ᠠᠭᠤᠯᠵᠡᠨ ᠲᠠᠨᠢᠯᠴᠠᠵᠦ᠂ ᠲᠡᠲᠡᠨ ᠤ ᠨᠦᠯᠦᠬᠡ ᠶᠢ ᠶᠡᠭᠡ ᠪᠠᠷ  ᠬᠦᠷᠲᠡᠭᠰᠡᠨ ᠢᠶᠠᠷ  ᠲᠡᠮᠡᠢ ᠤᠲᠠᠯ ᠦᠬᠡᠢ  ᠲᠦᠩ ᠮᠧᠩ   ᠬᠤᠢ  ᠡᠪᠯᠡᠯ  ᠳᠤ ᠤᠷᠤᠯᠴᠡᠵᠦ᠂ ᠰᠡᠬᠦᠯᠡᠷ ᠨᠢ ᠭᠤᠮᠢᠨᠳᠠᠩ ᠤᠨ ᠬᠡᠷᠩ ᠡᠷᠬᠢᠯᠡᠭᠴᠢ ᠶᠢᠨ ᠨᠢᠭᠡ ᠨᠢ ᠪᠤᠯᠵᠠᠢ᠃ ᠲᠡᠷᠡ  ᠪᠡᠬᠡᠵᠢᠩ ᠳᠤ ᠮᠣᠩᠭᠤᠯ᠂ ᠳᠦᠪᠡᠳ ᠤᠨ ᠬᠦᠷᠢᠶᠡᠯᠡᠩ ᠤᠨ   ᠶᠡᠷᠥᠩᠬᠡᠢ  ᠬᠠᠮᠢᠶᠠᠷᠥᠬᠴᠢ  ᠪᠠᠶᠢᠬᠤ ᠬᠤᠭᠤᠴᠠᠭᠠᠨ ᠳᠠᠭᠠᠨ ᠮᠣᠩᠭᠤᠯ᠂ ᠳᠦᠪᠡᠳ ᠰᠤᠷᠭᠠᠭᠤᠯᠢ ᠶᠢ ᠡᠬᠦᠰᠬᠡᠨ ᠪᠠᠶᠢᠭᠤᠯᠵᠦ᠂ ᠨᠢᠭᠡ   ᠪᠦᠯᠦᠭ ᠴᠢᠲᠠᠪᠦᠷᠢᠲᠡᠨ ᠢ ᠬᠦᠮᠥᠵᠡᠬᠦᠯᠵᠦ ᠭᠠᠷᠭᠠᠬᠰᠡᠨ ᠪᠢᠯᠡ᠃ ᠭᠦᠩᠰᠡᠩᠨᠤᠷᠪᠤᠥ ᠪᠣᠯ ᠦᠪᠤᠷ ᠮᠣᠩᠭᠤᠯ ᠤᠨ ᠤᠶᠢᠷ᠎ᠠ ᠦᠶ᠎ᠡ ᠶᠢᠨ ᠲᠡᠤᠬᠡᠨ ᠳᠠᠬᠢ ᠨᠢᠭᠡᠨ ᠭᠠᠷᠮᠠᠭᠠᠢ ᠴᠢᠲᠠᠪᠦᠷᠢᠲᠡᠨ ᠤ ᠨᠢᠭᠡ ᠨᠢ ᠪᠢᠯᠡ᠃   ᠬᠠᠷᠠᠴᠢᠨ ᠤ ᠭᠠᠵᠠᠷ ᠪᠣᠯ ᠬᠤᠪᠢᠰᠬᠠᠯ ᠤᠨ ᠴᠢᠩ ᠵᠤᠷᠢᠬᠲᠡᠨ ᠤ ᠬᠠᠯᠠᠭᠤᠨ ᠴᠢᠰᠤ᠂ ᠪᠦᠯᠢᠶᠡᠨ ᠠᠮᠢ ᠪᠠᠷ ᠢᠶᠠᠨ ᠰᠤᠯᠢᠵᠦ ᠠᠪᠴᠢᠷᠬᠰᠡᠨ ᠬᠦᠷᠣᠰᠤ ᠰᠢᠷᠥᠢ ᠶᠤᠮ᠃ ᠬᠠᠷᠠᠴᠢᠨ ᠬᠤᠰᠢᠭᠤ ᠶᠢᠨ ᠠᠷᠠᠳ ᠲᠦᠮᠡᠨ ᠤᠷᠲᠤ ᠤᠲᠠᠭᠠᠨ ᠤ ᠢᠷᠠᠭᠤ ᠠᠯᠲᠠᠷᠳᠤ ᠬᠤᠪᠢᠰᠬᠠᠯᠲᠤ ᠣᠯᠠᠮᠵᠢᠯᠡᠯ ᠲᠠᠢ ᠪᠢᠯᠡ᠃1919 ᠣᠨ ᠤ ︽5.4︾ ᠶᠢᠨ ᠬᠦᠳᠡᠯᠬᠡᠬᠡᠨ ᠦᠷᠨᠢᠭᠰᠡᠨ ᠤ ᠲᠠᠷᠠᠭ᠎ᠠ᠂ ᠰᠤᠷᠭᠠᠭᠤᠯᠢ ᠶᠢᠨ  ᠬᠦᠷᠢᠶᠡᠨ ᠤ ᠰᠤᠷᠥᠬᠴᠢᠳ ᠵᠡᠬᠡᠯᠢ ᠳᠤ ᠭᠠᠷᠴᠦ ᠰᠦᠷᠲᠦ ᠵᠢᠬᠰᠠᠭᠠᠯ ᠶᠠᠪᠣᠭᠤᠯᠥᠨ ᠶᠠᠷᠢᠶ᠎ᠠ ᠢᠯᠡᠳᠬᠡᠯ ᠲᠠᠯᠪᠢᠵᠦ᠂ ᠶᠠᠫᠤᠨ ᠪᠠᠷᠠᠭ᠎ᠠ ᠶᠢ ᠬᠤᠷᠢᠬᠯᠠᠬᠤ᠂ ︽ ᠬᠤᠷᠢᠨ  ᠨᠢᠭᠡᠨ ᠵᠤᠷᠪᠤᠰ︾  ᠶᠢ ᠡᠷᠡᠰ   ᠡᠰᠡᠷᠭᠦᠴᠡᠬᠦ  ᠬᠦᠳᠡᠯᠬᠡᠬᠡᠨ ᠰᠦᠷ ᠲᠠᠯᠠᠶᠢᠴᠠ ᠲᠠᠢ ᠦᠷᠨᠢᠵᠦ᠂ ᠴᠦᠬᠡᠨ ᠲᠤᠭᠠᠲᠤ ᠦᠨᠳᠦᠰᠦᠲᠡᠨ ᠤ ᠵᠠᠯᠠᠭᠤᠴᠣᠤᠨ  ᠶᠢᠨ ᠤᠯᠤᠰ ᠢᠶᠠᠨ ᠬᠠᠶᠢᠷᠠᠯᠠᠬᠤ ᠬᠠᠯᠠᠭᠤᠨ ᠰᠡᠳᠬᠢᠯᠬᠡ ᠣᠷᠬᠢᠯᠡᠵᠦ ᠪᠠᠶᠢᠯ᠎ᠠ᠃ ᠮᠠᠷᠺᠡᠰ ᠤᠨ ᠦᠵᠡᠯ ᠲᠤᠮᠲᠠᠲᠤ ᠤᠯᠤᠰ ᠲᠤ ᠨᠡᠪᠴᠢᠨ ᠤᠷᠤᠵᠦ  ᠢᠷᠡᠭᠰᠡᠨ ᠤ ᠲᠠᠷᠠᠭ᠎ᠠ  ᠂ ᠮᠣᠩᠭᠤᠯ ᠦᠨᠳᠦᠰᠦᠲᠡᠨ ᠤ ᠨᠢᠭᠡ ᠪᠦᠯᠦᠭ  ᠲᠠᠪᠰᠢᠬᠰᠡᠨ ᠵᠠᠯᠠᠭᠤᠴᠤᠳ  ᠦᠪᠡᠷ  ᠤᠨ ᠤᠬᠠᠮᠰᠠᠷ ᠠᠴᠠ ᠪᠠᠨ ᠦᠨᠡᠨ ᠶᠤᠰᠥ ᠶᠢ   ᠬᠦᠭᠡᠭᠡᠴᠡᠯᠳᠦᠵᠦ  ᠦᠨᠳᠦᠰᠦᠲᠡᠨ  ᠢᠶᠠᠨ   ᠠᠪᠤᠷᠠᠬᠤ ᠬᠦᠨᠳᠥ ᠡᠭᠦᠷᠭᠡ ᠶᠢ ᠡᠭᠦᠷᠬᠡᠯᠵᠦ ᠪᠠᠶᠢᠬᠰᠡᠨ᠃ ᠳ᠋ᠠ ᠨᠢᠤ ᠴᠥᠨ ᠫᠢᠩ ᠳ᠋ᠢᠩ ᠱᠠᠨ ᠲᠤᠰᠬᠤᠨ ᠳᠤ ᠲᠦᠷᠦᠵᠦ ᠦᠰᠦᠭᠰᠡᠨ ᠲᠡᠮᠤᠷᠪᠠᠭᠠᠨ᠎ᠠ ᠪᠡᠬᠡᠵᠢᠩ ᠤᠨ ᠮᠣᠩᠭᠤᠯ᠂ ᠳᠦᠪᠡᠳ ᠰᠤᠷᠭᠠᠭᠤᠯᠢ ᠳᠤ ᠤᠴᠢᠨ ᠰᠤᠷᠤᠯᠴᠠᠵᠦ᠂ ᠠᠯᠢ ᠡᠷᠲᠡ  ᠬᠤᠪᠢᠰᠬᠠᠯ ᠤᠨ ᠵᠠᠮ ᠢᠶᠠᠷ ᠵᠠᠮᠨᠠᠵᠦ᠂1925 ᠣᠨ ᠳᠤ ᠦᠪᠦᠷ ᠮᠣᠩᠭᠤᠯ ᠤᠨ ᠠᠷᠡᠳ ᠤᠨ ᠬᠤᠪᠢᠰᠬᠠᠯᠲᠤ ᠨᠠᠮ ᠳᠤ ᠤᠷᠤᠵᠦ᠂1928 ᠣᠨ ᠳᠤ ᠵᠦᠪᠯᠡᠯᠲᠤ ᠳᠤ ᠤᠴᠢᠨ ᠰᠤᠷᠤᠯᠴᠠᠵᠦ ᠪᠠᠶᠢᠬᠤ ᠬᠤᠭᠤᠴᠠᠭᠠᠨ ᠳᠠᠭᠠᠨ ᠵᠦᠪᠯᠡᠯᠳᠤ ᠶᠢᠨ ᠡᠪ  ᠬᠠᠮᠲᠤ ᠨᠠᠮ ᠳᠤ ᠤᠷᠤᠪᠠ᠃ ᠲᠡᠷᠡ ᠤᠯᠤᠰ ᠲᠠᠭᠠᠨ ᠪᠣᠴᠠᠬᠰᠡᠨ ᠤ ᠲᠠᠷᠠᠭ᠎ᠠ ᠦᠪᠦᠷ ᠮᠣᠩᠭᠤᠯ ᠤᠨ ᠤᠯᠠᠨ ᠭᠠᠵᠠᠷ ᠢᠶᠠᠷ ᠶᠠᠪᠦᠵᠦ᠂ ᠬᠤᠪᠢᠰᠬᠠᠯ ᠤᠨ ᠶᠤᠰᠥ ᠶᠢ  ᠤᠬᠠᠭᠤᠯᠵᠤ᠂ ᠦᠨᠳᠦᠰᠦᠲᠡᠨ ᠢᠶᠠᠨ ᠲᠠᠭᠤᠲᠠᠨ ᠰᠡᠷᠬᠦᠬᠡᠬᠦ᠂ ᠦᠷᠬᠡᠨ ᠲᠦᠮᠡᠨ ᠤ ᠴᠢᠯᠤᠬᠡᠯᠡᠯᠲᠡ ᠶᠢᠨ ᠲᠦᠯᠥᠬᠡ ᠪᠠᠷᠢᠪᠴᠢᠯᠠᠬᠲᠠᠬᠤ ᠠᠴᠠ ᠠᠶᠥᠬᠤ ᠦᠬᠡᠢ᠂ ᠲᠠᠶᠢᠰᠤᠨ ᠤ ᠬᠦᠨᠲᠤ ᠬᠡᠴᠡᠬᠦᠤ ᠡᠷᠡᠬᠦᠤ ᠲᠠᠮᠥᠯᠡᠯ ᠠᠴᠠ ᠰᠦᠷᠲᠡᠬᠦ ᠦᠬᠡᠢ ᠰᠦᠰᠤ ᠵᠥᠷᠢᠬᠲᠠᠢ ᠲᠡᠮᠡᠴᠡᠵᠦ ᠢᠷᠡᠵᠠᠢ᠃ ᠦᠪᠥᠷ ᠮᠣᠩᠭᠤᠯ ᠤᠨ ᠦᠪᠡᠷᠲᠡᠬᠡᠨ ᠵᠠᠰᠠᠬᠤ ᠤᠷᠤᠨ ᠤ ᠠᠷᠡᠳ ᠤᠨ ᠵᠠᠰᠠᠭ ᠤᠨ ᠤᠷᠳᠤᠨ ᠪᠠᠶᠢᠭᠤᠯᠥᠬᠲᠠᠬᠰᠡᠨ ᠤ  ᠲᠠᠷᠠᠭ᠎ᠠ ᠲᠡᠷᠡ ᠦᠪᠥᠷ ᠮᠣᠩᠭᠤᠯ ᠤᠨ ᠠᠷᠡᠳ ᠤᠨ  ᠵᠠᠰᠠᠭ ᠤᠨ ᠤᠷᠳᠤᠨ ᠤ ᠬᠡᠰᠢᠬᠦᠨ ᠢᠶᠠᠷ  ᠰᠤᠩᠭᠤᠬᠲᠠᠵᠦ  ᠂ ᠰᠡᠭᠦᠯᠡᠷ ᠨᠢ ᠲᠤᠮᠲᠠᠳᠤ ᠤᠯᠤᠰ ᠤᠨ ᠡᠪ  ᠬᠠᠮᠲᠤ ᠨᠠᠮ  ᠤᠨ ᠦᠪᠦᠷ ᠮᠣᠩᠭᠤᠯ ᠤᠨ  ᠦᠪᠡᠷᠲᠡᠬᠡᠨ ᠵᠠᠰᠠᠬᠤ ᠤᠷᠤᠨ ᠤ ᠬᠤᠷᠢᠶᠠᠨ ᠤ ᠪᠠᠶᠢᠩᠭᠤ ᠶᠢᠨ ᠬᠡᠰᠢᠬᠦᠨ ᠂ ᠦᠪᠡᠷᠲᠡᠬᠡᠨ ᠵᠠᠰᠠᠬᠤ ᠤᠷᠤᠨ ᠤ ᠬᠠᠮᠤᠭ ᠤᠨ ᠲᠡᠬᠡᠲᠤ   ᠰᠢᠬᠦᠭᠦ ᠬᠤᠷᠢᠶᠠᠨ  ᠤ  ᠬᠤᠷᠢᠶᠠᠨ ᠲᠠᠷᠤᠭ᠎ᠠ ᠪᠠᠷ ᠠᠵᠢᠯᠯᠠᠵᠦ ᠪᠠᠶᠢᠪᠠ᠃    ᠲᠡᠮᠦᠷᠪᠠᠭᠠᠨ᠎ᠠ ᠲᠠᠢ ᠬᠠᠮᠲᠤ ᠬᠤᠪᠢᠰᠬᠠᠯ ᠳᠤ ᠤᠷᠥᠯᠴᠠᠬᠰᠡᠨ   ᠦᠯᠵᠡᠶᠢᠠᠤᠴᠢ   ᠳᠥᠴᠢᠨ  ᠭᠡᠷ ᠤᠨ ᠴᠢᠶᠣᠤ ᠲᠸᠥ ᠸᠠᠨ ᠽᠢ ᠲᠤᠰᠬᠤᠨ ᠳᠤ ᠲᠦᠷᠥᠵᠠᠢ᠂ ᠲᠡᠷᠡ ᠪᠠᠷ ᠪᠡᠬᠡᠵᠢᠩ ᠤᠨ ᠮᠣᠩᠭᠤᠯ᠂ ᠳᠦᠪᠡᠳ ᠤᠨ ᠰᠤᠷᠭᠠᠭᠤᠯᠢ ᠳᠤ ᠰᠤᠷᠥᠯᠴᠠᠵᠦ ᠪᠠᠶᠢᠬᠤ ᠳᠠᠭᠠᠨ ᠮᠠᠷᠺᠠᠰ ᠤᠨ ᠦᠵᠡᠯ ᠲᠠᠢ ᠣᠶᠢᠷᠠᠲᠦᠵᠦ᠂ 1925 ᠣᠨ ᠳᠤ  ᠮᠤᠰᠺᠧᠨ  ᠶᠢᠨ  ᠲᠤᠷᠥᠨᠠᠲᠤ ᠶᠢᠨ ᠶᠡᠭᠡ  ᠰᠤᠷᠭᠠᠭᠤᠯᠢ ᠳᠤ ᠰᠤᠷᠤᠯᠴᠠᠪᠠ᠃ ᠲᠡᠷᠡ ᠪᠠᠷ ᠬᠡᠳᠤᠨ ᠠᠷᠪᠡᠨ ᠵᠢᠯ ᠤᠨ ᠬᠤᠪᠢᠰᠬᠠᠯ ᠤᠨ ᠠᠮᠢᠳᠦᠷᠠᠯ ᠲᠡᠮᠡᠴᠡᠯ ᠤᠨ ᠲᠤᠮᠲᠠ ᠦᠨᠳᠦᠰᠦᠲᠡᠨ ᠤ ᠴᠢᠯᠥᠬᠡᠯᠯᠲᠡ  ᠶᠢᠨ ᠤᠶᠢᠯᠡᠰ ᠲᠤ ᠪᠠᠭ᠎ᠠ ᠪᠤᠰᠤ ᠭᠠᠪᠢᠶ᠎ᠠ ᠵᠢᠳᠬᠦᠯ  ᠦᠵᠡᠭᠦᠯᠦᠭᠰᠡᠨ ᠪᠢᠯᠡ᠃ ᠪᠦᠬᠦᠲᠡ ᠨᠠᠶᠢᠷᠠᠮᠲᠠᠬᠤ ᠲᠤᠮᠲᠠᠲᠤ ᠠᠷᠡᠳ ᠤᠯᠤᠰ ᠪᠠᠶᠢᠭᠤᠯᠥᠬᠲᠠᠬᠰᠡᠨ ᠤ ᠰᠡᠬᠦᠯᠡᠷ ᠲᠡᠷᠡ ᠦᠪᠦᠷ ᠮᠣᠩᠭᠤᠯ ᠤᠨ ᠪᠦᠲᠥᠬᠡᠨ ᠪᠠᠶᠢᠭᠤᠯᠥᠲᠠ ᠶᠢᠨ ᠡᠯ᠎ᠡ ᠪᠠᠶᠢᠷᠢᠨ ᠳᠤ  ᠣᠲᠣᠷᠢᠳᠬᠤ ᠠᠵᠢᠯ ᠢ ᠬᠢᠵᠦ ᠢᠷᠡᠪᠡ᠃    ᠶᠠᠫᠤᠨ ᠢ  ᠡᠰᠡᠷᠭᠦᠴᠡᠭᠰᠡᠨ  ᠦᠷᠡᠭᠲᠡᠭᠰᠡᠨ ᠪᠠᠭᠠᠲᠤᠷ ᠬᠤᠤ ᠷᠦᠢ ᠲᠢᠩ᠂  ᠶᠠᠫᠤᠨ ᠡᠵᠡᠷᠬᠡᠭ ᠲᠦᠷᠢᠮᠡᠬᠡᠶᠢᠲᠡᠨ ᠤ ᠢᠯᠢᠳᠤᠨ ᠲᠤᠤᠷ᠎ᠡ ᠬᠠᠮᠤᠭ ᠰᠡᠬᠦᠯᠴᠢ ᠶᠢᠨ ᠨᠢᠭᠡ ᠰᠤᠮᠥ ᠪᠠᠨ  ᠪᠠᠷᠠᠲᠠᠯ᠎ᠠ  ᠪᠠᠶᠢᠯᠲᠤᠵᠦ ᠦᠪᠡᠷ ᠤᠨ ᠨᠤᠲᠤᠭ ᠤᠨ ᠢᠶᠠᠨ  ᠬᠦᠬᠡᠮᠳᠡᠩ  ᠠᠭᠤᠯᠠ᠂ ᠬᠦᠪᠴᠢᠨ ᠣᠢ ᠳᠠᠭᠠᠨ  ᠰᠢᠩᠬᠡᠵᠦ ᠪᠢᠯᠡ᠃   ᠶᠡᠩ   ᠶᠢᠨ  ᠤᠤ᠂ ᠴᠠᠩ ᠶᠧ᠂ ᠵᠧᠨ ᠮᠢᠩ᠂ ᠸᠠᠩ ᠮᠢᠩ ᠵᠧ     ᠨᠠᠷ ᠦᠪᠡᠷ ᠤᠨ ᠵᠠᠯᠠᠭᠤ ᠽᠠᠨᠳᠠᠨ ᠨᠠᠰᠤ ᠪᠠᠨ ᠠᠷᠠᠳ ᠲᠳᠮᠡᠨ ᠤ ᠴᠢᠯᠥᠬᠡᠯᠡᠯᠲᠡ ᠶᠢᠨ ᠤᠶᠢᠯᠡᠰ ᠲᠤ ᠵᠥᠷᠢᠭᠤᠯᠵᠦ ᠪᠢᠯᠡ᠃ ᠡᠬᠦᠨ ᠠᠴᠠ ᠭᠠᠲᠠᠨ᠎ᠠ ᠲᠤᠩ  ᠲᠦᠮᠡᠨ ᠨᠡᠷ᠎ᠡ ᠦᠬᠡᠢ ᠪᠠᠭᠠᠲᠤᠷ ᠤᠳ ᠡᠨᠡ ᠭᠠᠵᠠᠷ ᠤᠨ ᠠᠯᠲᠠᠨ ᠬᠦᠷᠥᠰᠤᠨ ᠳᠤ ᠠᠮᠢ ᠨᠠᠰᠤ ᠪᠠᠨ ᠵᠥᠷᠢᠭᠤᠯᠥᠬᠰᠡᠨ ᠲᠡᠤᠬᠡ ᠶᠢ ᠠᠷᠠᠳ ᠲᠦᠮᠡᠨ ᠴᠢᠨᠢ ᠮᠠᠷᠲᠠᠬᠤ ᠶᠤᠰᠤ ᠦᠬᠡᠢ᠃   ᠬᠠᠷᠠᠴᠢᠨ ᠬᠤᠰᠢᠭᠤ ᠨᠢ ᠤᠷᠳᠤ ᠤᠲᠠᠭᠠᠨ ᠲᠡᠤᠬᠡᠨ ᠶᠠᠪᠤᠴᠠ ᠶᠢ ᠦᠭᠬᠡᠷᠡᠭᠦᠯᠵᠦ᠂ ᠤᠷᠢᠲᠤ ᠡᠮᠥᠨ᠎ᠡ    ᠭᠠᠷᠤᠭ᠎ᠠ ᠦᠬᠡᠢ  ᠦᠨᠳᠦᠰᠦᠨ ᠬᠤᠪᠢᠷᠠᠯᠲᠠ ᠭᠠᠷᠴᠦ᠂ ᠲᠡᠯᠡᠬᠡᠢ ᠶᠢᠨ ᠬᠦᠮᠥᠰ ᠤᠨ ᠡᠮᠥᠨ᠎ᠡ ᠴᠣ ᠰᠢᠨ᠎ᠡ  ᠳᠦᠷᠢ ᠳᠥᠷᠬᠦ  ᠪᠠᠷ ᠢᠯᠡᠷᠡᠨ᠎ᠡ ᠭᠡᠳᠡᠭ ᠲᠤ ᠪᠠᠲᠤ ᠢᠲᠡᠬᠡᠯ ᠲᠠᠢ ᠪᠠᠶᠢᠨ᠎ᠠ᠃  ᠬᠠᠷᠠᠴᠢᠨ ᠬᠤᠰᠢᠭᠤ ᠶᠢᠨ ᠠᠷᠠᠳ ᠲᠦᠮᠡᠨ ᠡᠪᠦᠭᠡ ᠲᠡᠬᠡᠲᠦᠰ ᠤᠨ ᠢᠶᠠᠨ ᠠᠷᠢᠭᠤᠨ ᠰᠦᠨᠡᠰᠦᠨ ᠳᠤ ᠤᠰᠤᠯᠲᠠᠬᠤ ᠦᠬᠡᠢ ᠪᠠᠷ ᠦᠯᠦ ᠪᠠᠷᠠᠮ ᠬᠤᠵᠡᠮ ᠬᠤᠶᠢᠴᠢᠰ ᠤᠨ ᠦᠷ᠎ᠡ  ᠬᠡᠤᠬᠡᠳ  ᠳᠡᠭᠡᠨ  ᠪᠤᠯᠪᠠᠰᠤᠨ᠂ ᠪᠠᠶᠠᠨ  ᠴᠢᠨᠡᠭᠡᠯᠢᠭ ᠬᠠᠷᠠᠴᠢᠨ ᠬᠤᠰᠢᠭᠤ ᠶᠢ ᠦᠯᠲᠡᠬᠡᠵᠦ  ᠥᠭᠬᠦ ᠪᠤᠯᠥᠨ᠎ᠠ᠃ ᠬᠠᠷᠠᠴᠢᠨ ᠬᠤᠰᠢᠭᠤ   ᠨᠢ ᠠᠵᠦ ᠠᠬᠤᠢ ᠬᠦᠭᠵᠢᠭᠰᠡᠨ᠂ ᠨᠡᠶᠢᠬᠡᠮ ᠤᠨ ᠡᠮᠥᠨ᠎ᠡ ᠡᠩᠨᠡᠭᠡᠨ ᠳᠤ ᠮᠦᠷ  ᠵᠡᠷᠬᠡᠴᠢᠨ ᠤᠷᠤᠬᠰᠢᠯᠠᠵᠦ᠂ ᠬᠤᠶᠠᠷ ᠪᠤᠯᠪᠠᠰᠤᠨ ᠤ ᠪᠦᠳᠦᠬᠡᠨ ᠪᠠᠶᠢᠭᠤᠯᠥᠯᠲᠠ   ᠳᠤ ᠨᠡᠩ  ᠶᠡᠭᠡ ᠠᠮᠵᠢᠯᠲᠠ ᠪᠦᠳᠦᠬᠡᠯ ᠭᠠᠷᠭᠠᠬᠤ ᠨᠢ ᠯᠠᠪᠲᠠᠢ᠃  
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号