ᠵᠠᠮ ᠬᠠᠷᠢᠯᠴᠠᠭ᠎ᠠ  ᠲᠡᠬᠡᠬᠡᠪᠦᠷᠢ ᠶᠢᠨ ᠲᠤᠪᠴᠢᠶ᠎ᠠ
ᠨᠡᠶᠢᠲᠡᠯᠡᠭᠰᠡᠨ ᠴᠠᠭ᠄
2018/1/3
ᠡᠭᠦᠷᠬᠡ ᠬᠠᠷᠢᠭᠤᠴᠢᠯᠭ᠎ᠠ    1᠂ ᠤᠯᠤᠰ᠂ ᠦᠪᠡᠷᠲᠡᠬᠡᠨ  ᠵᠠᠰᠠᠬᠤ ᠤᠷᠤᠨ᠂ ᠬᠤᠲᠠ  ᠵᠢᠴᠢ  ᠬᠤᠰᠢᠭᠤᠨ ᠤ ᠵᠠᠮ  ᠬᠠᠷᠢᠯᠴᠠᠭ᠎ᠠ ᠵᠠᠮ ᠲᠡᠬᠡᠬᠡᠪᠦᠷᠢ ᠶᠢᠨ ᠬᠠᠮᠢᠶᠠᠲᠠᠢ ᠬᠠᠤᠯᠢ  ᠳᠦᠷᠢᠮ᠂ ᠲᠤᠬᠲᠠᠭᠠᠯ ᠪᠤᠯᠥᠨ ᠲᠦᠷᠤ ᠶᠢᠨ ᠪᠤᠲᠥᠯᠭ᠎ᠠ᠂ ᠪᠠᠷᠢᠮᠵᠢᠶ᠎ᠠ᠂ ᠲᠦᠯᠥᠪᠵᠢᠭᠦᠯᠬᠡ ᠶᠢ   ᠲᠤᠤᠱᠯᠠᠭᠤᠯᠤᠨ ᠨᠠᠶᠢᠲᠠᠪᠦᠷᠢᠵᠢᠭᠤᠯᠵᠦ᠂ ᠪᠦᠬᠦ ᠬᠤᠰᠢᠭᠤᠨ ᠤ ᠵᠠᠮ ᠬᠠᠷᠢᠯᠴᠠᠭ᠎ᠠ ᠶᠢᠨ ᠡᠷᠬᠢᠯᠡᠭᠰᠡᠨ ᠠᠵᠢᠯ  ᠢᠶᠠᠨ ᠭᠦᠭᠵᠢᠬᠦᠯᠬᠦ ᠬᠠᠷᠠᠯᠲᠠ᠂  ᠲᠥᠯᠦᠪᠯᠡᠭᠡ ᠶᠢ ᠲᠤᠬᠲᠠᠭᠠᠵᠦ᠂ ᠵᠠᠮ ᠬᠠᠷᠢᠯᠴᠠᠭ᠎ᠠ ᠲᠡᠬᠡᠬᠡᠪᠦᠷᠢ ᠶᠢᠨ ᠠᠵᠢᠯ ᠤᠨ ᠬᠠᠮᠢᠶᠠᠲᠠᠢ ᠲᠦᠷᠥ ᠶᠢᠨ ᠪᠤᠲᠥᠯᠭ᠎ᠠ᠂ ᠪᠠᠷᠢᠮᠵᠢᠶ᠎ᠠ ᠶᠢ ᠰᠤᠲᠦᠯᠥᠨ᠂ ᠡᠳ᠋ ᠪᠤᠲᠠᠰ ᠤᠨ ᠲᠡᠬᠡᠬᠡᠪᠦᠷᠢ ᠶᠢᠨ ᠤᠶᠢᠯᠡᠰ ᠤᠨ ᠪᠠᠶᠢᠯᠲᠥᠬᠤ ᠪᠤᠲᠥᠯᠭ᠎ᠠ ᠶᠢᠨ ᠬᠠᠷᠠᠯᠲᠠ ᠶᠢ ᠲᠤᠬᠲᠠᠭᠠᠵᠦ᠂ ᠬᠢᠨᠡᠨ ᠬᠠᠮᠢᠶᠠᠷᠬᠤ ᠭᠦᠴᠥᠯᠴᠡ ᠪᠠᠨ  ᠨᠡᠮᠡᠭᠲᠡᠭᠦᠯᠵᠦ᠂ ᠵᠠᠮ  ᠬᠠᠷᠢᠯᠴᠠᠭ᠎ᠠ ᠶᠢᠨ ᠤᠶᠢᠯᠡᠰ ᠤᠨ ᠦᠭᠡᠷᠡᠴᠢᠯᠡᠯᠲᠡ ᠶᠢ    ᠭᠦᠨᠵᠡᠬᠡᠶᠢᠷᠡᠭᠦᠯᠥᠨ᠎ᠡ᠃     2᠂  ᠪᠦᠬᠦ ᠬᠤᠰᠢᠭᠤᠨ ᠤ  ᠶᠡᠷᠦᠩᠬᠡᠶᠢᠯᠡᠭᠰᠡᠨ ᠲᠡᠬᠡᠬᠡᠪᠦᠷᠢ ᠶᠢᠨ  ᠰᠢᠰᠲ᠋ᠧᠮ ᠤᠨ ᠲᠦᠯᠥᠪᠵᠢᠭᠦᠯᠬᠡ ᠶᠢ ᠵᠢᠯᠥᠭᠤᠳᠴᠦ᠂ ᠬᠠᠮᠢᠶᠠᠲᠠᠢ ᠰᠠᠯᠠᠭ᠎ᠠ ᠮᠦᠴᠢᠷ ᠲᠠᠢ ᠨᠢᠬᠲᠠ ᠬᠠᠮᠵᠢᠯᠴᠠᠨ᠂ ᠵᠠᠰᠠᠮᠡᠯ  ᠵᠠᠮ ᠤᠨ ᠠᠵᠦ ᠠᠬᠤᠶᠢᠯᠠᠯ ᠤᠨ ᠤᠶᠢᠯᠡᠰ ᠤᠨ ᠠᠵᠢᠯ ᠡᠷᠬᠢᠯᠡᠬᠦ᠂   ᠵᠤᠬᠰᠦᠭᠠᠵᠦ   ᠴᠡᠭᠴᠡᠯᠡᠬᠦ᠂  ᠡᠵᠡᠩᠨᠡᠬᠦ ᠡᠷᠬᠡ ᠶᠢᠨ  ᠦᠨᠡᠮᠯᠡᠯ‌‍ᠯ ᠣᠯᠭᠤᠯᠬᠤ ᠵᠡᠷᠬᠡ ᠠᠵᠢᠯ ᠢ ᠬᠠᠷᠢᠭᠤᠴᠠᠨ᠎ᠠ  ᠃     3᠂ ᠪᠦᠬᠦ ᠬᠤᠰᠢᠭᠤᠨ ᠤ ᠵᠠᠮ ᠲᠡᠬᠡᠬᠡᠪᠦᠷᠢ ᠶᠢᠨ ᠡᠵᠡᠭᠨᠡᠯᠲᠡ ᠶᠢᠨ ᠵᠠᠬ᠎ᠠ ᠲᠡᠯᠬᠡᠬᠦᠷ ᠲᠤ ᠬᠢᠨᠠᠯᠲᠠ ᠲᠠᠯᠪᠢᠬᠤ ᠡᠷᠴᠢᠮ ᠢᠶᠠᠨ  ᠴᠢᠩᠭᠤᠳᠬᠠᠵᠦ᠂ ᠵᠠᠮ ᠲᠡᠬᠡᠬᠡᠪᠦᠷᠢ ᠶᠢᠨ ᠰᠢᠰᠲ᠋ᠧᠮ ᠤᠨ ᠤᠷᠤᠭᠤᠯᠵᠦ ᠭᠠᠷᠭᠠᠬᠤ ᠵᠢᠴᠢ ᠡᠯ᠎ᠡ ᠮᠡᠷᠬᠡᠵᠢᠯ᠂ ᠪᠠᠷᠢᠮᠵᠢᠶ᠎ᠠ᠂ ᠭᠦᠷᠢᠶ᠎ᠡ ᠬᠡᠪᠴᠢᠶ᠎ᠡ ᠶᠢ ᠲᠤᠬᠲᠠᠭᠠᠵᠦ᠂ ᠰᠢᠶᠠᠩ ᠪᠠᠯᠭᠠᠰᠤᠨ ᠤ  ᠠᠶᠠᠨᠴᠢᠨ ᠤ ᠲᠡᠬᠡᠬᠡᠪᠦᠷᠢ ᠪᠤᠯᠥᠨ ᠡᠳ᠋ ᠪᠤᠲᠠᠰ ᠤᠨ ᠲᠡᠬᠡᠬᠡᠪᠦᠷᠢ ᠶᠢᠨ ᠮᠠᠰᠢᠨ ᠲᠦᠭᠦᠬᠡᠷᠦᠮᠵᠢ ᠶᠢᠨ ᠬᠢᠨᠡᠨ ᠬᠠᠮᠢᠶᠠᠷᠬᠤ  ᠠᠵᠢᠯ ᠢᠶᠠᠨ  ᠲᠡᠭᠦᠯᠳᠡᠷᠵᠢᠭᠦᠯᠵᠦ᠂ ᠲᠦᠷᠢᠶᠡᠰᠦᠨ ᠮᠠᠰᠢᠨ  ᠲᠡᠷᠬᠡ᠂ ᠨᠡᠶᠢᠲᠡ ᠶᠢᠨ ᠮᠠᠰᠢᠨ ᠲᠡᠷᠬᠡ᠂ ᠮᠠᠰᠢᠨ ᠲᠡᠷᠬᠡ ᠲᠦᠷᠢᠶᠡᠰᠦᠯᠡᠬᠦ ᠵᠡᠷᠬᠡ ᠶᠢ   ᠭᠤᠣᠯᠲᠠᠯᠭ᠎ᠠ ᠲᠠᠢ ᠬᠠᠮᠢᠶᠠᠷᠴᠦ᠂ ᠵᠢᠯᠥᠭᠤᠴᠢ ᠶᠢ ᠪᠤᠯᠪᠠᠰᠤᠷᠠᠭᠤᠯᠬᠤ ᠲᠥᠪ ᠪᠤᠯᠥᠨ ᠵᠢᠯᠥᠭᠤᠴᠢ ᠶᠢᠨ ᠪᠤᠯᠪᠠᠰᠤᠷᠡᠯ ᠢ ᠴᠢᠩᠭ᠎ᠠ ᠠᠳᠬᠤᠵᠦ᠂ ᠪᠦᠬᠦ ᠲᠤᠭᠤᠷᠢᠭ ᠤᠨ ᠡᠳ᠋ ᠪᠤᠲᠠᠰ ᠤᠨ  ᠵᠥᠬᠡᠬᠡᠪᠦᠷᠢᠯᠡᠬᠦ ᠪᠤᠯᠥᠨ ᠪᠠᠴᠢᠮ  ᠵᠥᠬᠡᠬᠡᠪᠦᠷᠢᠯᠡᠯᠲᠠ ᠶᠢ    ᠲᠤᠬᠢᠷᠠᠭᠤᠯᠬᠤ ᠠᠵᠢᠯ ᠢ ᠬᠠᠷᠢᠭᠤᠴᠠᠨ᠎ᠠ  ᠃    4᠂  ᠪᠦᠬᠦ ᠬᠤᠰᠢᠭᠤᠨ ᠤ  ᠵᠠᠰᠠᠮᠡᠯ ᠵᠠᠮ ᠤᠨ ᠰᠠᠭᠤᠷᠢ ᠪᠦᠲᠦᠬᠡᠨ ᠪᠠᠶᠢᠭᠤᠯᠥᠯᠲᠠ ᠶᠢᠨ ᠵᠠᠬ᠎ᠠ ᠲᠡᠯᠬᠡᠬᠦᠷ ᠲᠤ  ᠬᠢᠨᠡᠯᠲᠠ ᠲᠠᠯᠪᠢᠵᠦ᠂ ᠵᠠᠰᠠᠮᠡᠯ ᠵᠠᠮ ᠤᠨ ᠪᠦᠲᠦᠬᠡᠨ ᠪᠠᠶᠢᠭᠤᠯᠥᠯᠲᠠ᠂ ᠬᠠᠮᠠᠭᠠᠯᠠᠬᠤ᠂ ᠵᠠᠮ ᠤᠨ ᠶᠠᠪᠤᠲᠠᠯ ᠤᠨ ᠬᠠᠮᠢᠶᠠᠷᠤᠯᠲᠠ ᠶᠢᠨ ᠲᠥᠷᠥ ᠶᠢᠨ ᠪᠤᠲᠥᠯᠭ᠎ᠠ᠂ ᠲᠤᠬᠲᠠᠭᠠᠯ ᠪᠤᠯᠥᠨ ᠮᠡᠷᠬᠡᠵᠢᠯ᠂ ᠪᠠᠷᠢᠮᠵᠡᠶ᠎ᠠ ᠳᠤ ᠬᠢᠨᠡᠯᠲᠠ ᠲᠠᠯᠪᠢᠬᠤ ᠶᠢ   ᠬᠡᠷᠡᠭᠵᠢᠭᠦᠯᠵᠦ᠂ ᠪᠦᠬᠦ ᠬᠤᠰᠢᠭᠤᠨ ᠤ ᠵᠠᠰᠠᠮᠡᠯ ᠵᠠᠮ ᠤᠨ  ᠲᠥᠷᠤᠯ ᠵᠤᠶᠢᠯ ᠪᠠ ᠵᠤᠭᠤᠰ  ᠮᠦᠩᠭᠦᠨ ᠤ ᠬᠠᠮᠢᠶᠠᠷᠥᠯᠲᠠ  ᠵᠢᠴᠢ ᠬᠤᠰᠢᠭᠤᠨ ᠤ ᠲᠤᠲᠣᠷᠠᠬᠢ ᠵᠠᠰᠠᠮᠡᠯ ᠵᠠᠮ ᠤᠨ ᠪᠠᠶᠢᠭᠤᠯᠥᠯᠲᠠ ᠶᠢᠨ ᠴᠢᠨᠠᠷ  ᠴᠢᠨᠰᠠᠭ᠎ᠠ ᠶᠢ  ᠪᠠᠲᠤᠯᠠᠵᠦ᠂  ᠠᠶᠤᠯᠭᠦᠢ ᠤᠶᠢᠯᠡᠳᠪᠦᠷᠢᠯᠡᠬᠦ ᠶᠢ ᠬᠠᠷᠢᠭᠤᠴᠠᠨ᠎ᠠ  ᠃    5᠂ ᠪᠦᠬᠦ ᠬᠤᠰᠢᠭᠤᠨ ᠤ ᠵᠠᠰᠠᠮᠡᠯ ᠵᠠᠮ ᠤᠨ ᠪᠦᠲᠦᠬᠡᠨ ᠪᠠᠶᠢᠭᠤᠯᠥᠯᠲᠠ ᠶᠢᠨ ᠲᠤᠬᠲᠠᠮᠠᠯ ᠭᠦᠷᠦᠩᠬᠡ ᠵᠢᠴᠢ ᠪᠡᠯᠡ ᠤᠷᠤᠭᠤᠯᠬᠤ ᠬᠦᠷᠢᠶ᠎ᠡ ᠬᠡᠪᠴᠢᠶ᠎ᠡ᠂ ᠬᠠᠷᠠᠯᠲᠠ ᠳᠤ ᠰᠠᠨᠠᠯ  ᠳᠤᠷᠠᠳᠤᠯᠭ᠎ᠠ ᠪᠠᠨ ᠭᠠᠷᠭᠠᠨ᠎ᠠ  ᠃    6᠂ ᠵᠠᠰᠠᠮᠡᠯ ᠵᠠᠮ ᠤᠨ ᠤᠶᠢᠯᠡᠰ ᠤᠨ ᠡᠳ᠋ ᠤᠨ ᠵᠠᠰᠠᠭ ᠤᠨ ᠴᠢᠨᠠᠷᠲᠠᠢ ᠬᠦᠷᠦᠩᠭᠡ ᠮᠦᠩᠬᠦ  ᠪᠤᠯᠥᠨ ᠪᠡᠯᠡ ᠮᠦᠩᠭᠦᠨ ᠤ ᠤᠷᠤᠯᠭ᠎ᠠ ᠵᠠᠷᠤᠯᠭ᠎ᠠ ᠶᠢᠨ ᠲᠦᠰᠤᠪ᠂ ᠵᠠᠰᠠᠮᠡᠯ ᠵᠠᠮ ᠤᠨ ᠪᠦᠲᠦᠬᠡᠨ ᠪᠠᠶᠢᠭᠤᠯᠥᠯᠲᠠ ᠶᠢᠨ ᠲᠥᠷᠤᠯ ᠵᠤᠶᠢᠯ ᠤᠨ ᠲᠤᠲᠥᠭᠠᠲᠤ ᠶᠢᠨ ᠬᠢᠨᠡᠨ ᠪᠤᠲᠥᠬᠤ ᠠᠵᠢᠯ ᠢ ᠵᠤᠬᠢᠶᠠᠨ ᠪᠠᠶᠢᠭᠤᠯᠥᠨ᠂ ᠡᠳ᠋ ᠤᠨ ᠵᠠᠰᠠᠭ  ᠂ ᠭᠠᠵᠠᠷ ᠰᠢᠷᠤᠢ᠂ ᠦᠨ᠎ᠡ ᠬᠠᠩᠰᠢ ᠵᠡᠷᠬᠡ ᠳᠤ ᠰᠠᠨᠠᠯ ᠰᠠᠨᠠᠭᠤᠯᠭ᠎ᠠ ᠪᠠᠨ ᠭᠠᠷᠭᠠᠨ᠎ᠠ  ᠃   7᠂ ᠪᠦᠬᠦ ᠬᠤᠰᠢᠭᠤᠨ ᠤ  ᠵᠠᠮ ᠲᠡᠬᠡᠬᠡᠪᠦᠷᠢ ᠶᠢᠨ ᠲᠤᠰ ᠪᠡᠶ᠎ᠡ ᠶᠢᠨ ᠠᠶᠤᠯᠭᠦᠢ ᠤᠶᠢᠯᠡᠳᠪᠦᠷᠢᠯᠡᠬᠦ ᠪᠠ ᠪᠠᠴᠢᠮ   ᠢ ᠠᠷᠭᠠᠴᠠᠬᠤ ᠬᠠᠮᠢᠶᠠᠷᠥᠯᠲᠠ ᠶᠢᠨ  ᠠᠵᠢᠯ ᠶᠢ ᠴᠢᠩᠭᠠᠳᠬᠠᠵᠦ ᠂ ᠣᠰᠤᠯ ᠠᠲᠡᠯ  ᠭᠠᠷᠪᠠᠯ ᠴᠠᠭ ᠲᠤᠬᠠᠢ ᠳᠤ ᠨᠢ  ᠡᠯ᠎ᠡ ᠵᠤᠶᠢᠯ ᠤᠨ  ᠪᠦᠲᠦᠮᠵᠢᠲᠠᠢ ᠠᠷᠭ᠎ᠠ ᠠᠪᠴᠦ᠂ ᠬᠠᠤᠯᠢ ᠶᠤᠰᠤᠭᠠᠷ ᠪᠠᠶᠢᠴᠠᠭᠠᠨ  ᠰᠢᠢᠳᠪᠦᠷᠢᠯᠡᠨ᠎ᠡ  ᠃    8᠂ ᠭᠤᠣᠯ ᠱᠤᠭᠤᠮ᠂ ᠵᠠᠰᠠᠮᠡᠯ ᠵᠠᠮ ᠤᠨ ᠰᠦᠯᠵᠢᠶ᠎ᠡ ᠠᠴᠠ ᠵᠠᠮ ᠲᠡᠬᠡᠬᠡᠪᠦᠷᠢᠯᠡᠯᠲᠠ ᠶᠢᠨ ᠪᠠᠶᠢᠲᠠᠯ ᠢ ᠬᠢᠨᠡᠨ  ᠡᠵᠡᠮᠳᠡᠵᠦ᠂ ᠵᠠᠰᠠᠮᠡᠯ ᠵᠠᠮ ᠤᠨ    ᠲᠤᠤᠷ ᠰᠦᠯᠵᠢᠶ᠎ᠡ  ᠶᠢᠨ ᠪᠠᠶᠢᠭᠤᠯᠥᠯᠲᠠ᠂ ᠲᠤᠭ᠎ᠠ ᠪᠦᠷᠢᠳᠬᠡᠯ᠂ ᠬᠢᠨᠡᠨ ᠪᠠᠶᠢᠴᠠᠭᠠᠬᠤ᠂ ᠵᠠᠲᠠᠯᠥᠨ   ᠰᠤᠲᠤᠯᠬᠤ  ᠵᠡᠷᠬᠡ ᠠᠵᠢᠯ ᠢ ᠰᠠᠶᠢᠲᠤᠷ ᠬᠢᠵᠦ᠂ ᠵᠠᠰᠠᠮᠡᠯ ᠵᠠᠮ ᠤᠨ ᠲᠡᠬᠡᠬᠡᠪᠦᠷᠢ ᠶᠢᠨ ᠲᠤᠬᠠᠶᠢᠯᠠᠬᠰᠡᠨ ᠠᠵᠢᠯ ᠤᠨ ᠤᠷᠴᠢᠨ ᠪᠠ  ᠡᠨᠧᠷᠬᠢ ᠠᠷᠪᠢᠯᠠᠬᠤ ᠠᠵᠢᠯ ᠢ ᠬᠢᠵᠦ ᠭᠦᠢᠴᠡᠳᠬᠡᠨ᠎ᠡ᠃    9᠂ ᠤᠯᠠᠭᠠᠨᠬᠠᠲᠠ ᠬᠤᠲᠠ ᠶᠢᠨ ᠬᠠᠷᠠᠴᠢᠨ ᠬᠤᠰᠢᠭᠤᠨ ᠤ  ᠵᠠᠮ ᠲᠡᠬᠡᠬᠡᠪᠦᠷᠢ ᠶᠢᠨ ᠤᠶᠢᠯᠡᠰ ᠤᠨ ᠲᠠᠶᠢᠨ ᠳᠤ  ᠪᠡᠯᠡᠳᠬᠡᠬᠦ ᠠᠯᠪᠡᠨ ᠭᠡᠷ ᠤᠨ ᠠᠵᠢᠯ ᠢ ᠬᠢᠵᠦ ᠬᠦᠢᠴᠡᠳᠬᠡᠨ᠎ᠡ  ᠃    10᠂ ᠬᠤᠰᠢᠭᠤᠨ ᠤ ᠠᠷᠠᠳ ᠤᠨ ᠵᠠᠰᠠᠭ ᠤᠨ ᠤᠷᠲᠣᠨ ᠪᠤᠯᠥᠨ ᠬᠤᠲᠠ ᠶᠢᠨ ᠵᠠᠮ ᠲᠡᠬᠡᠬᠡᠪᠦᠷᠢ ᠶᠢᠨ ᠲᠤᠪᠴᠢᠶ᠎ᠠ ᠠᠴᠠ  ᠲᠤᠰᠢᠶᠠᠵᠦ ᠦᠩᠬᠦᠭᠰᠡᠨ ᠪᠤᠰᠦᠤᠨ ᠠᠵᠢᠯ ᠤᠳ ᠢ ᠬᠢᠵᠦ  ᠪᠡᠶᠡᠯᠡᠭᠦᠯᠦᠨ᠎ᠡ᠂
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号