ᠬᠢᠨᠡᠨ ᠪᠣᠲᠤᠬᠤ ᠲᠤᠪᠴᠢᠶ᠎ᠠ 
ᠨᠡᠶᠢᠲᠡᠯᠡᠭᠰᠡᠨ ᠴᠠᠭ᠄
2018/1/3
           ᠭᠤᠥᠯ ᠡᠭᠦᠷᠬᠡ    ︵ 1︶ ᠬᠢᠨᠡᠨ ᠪᠣᠲᠤᠬᠤ ᠬᠠᠤᠯᠢ᠂   ᠲᠥᠷᠢᠮ ᠲᠤᠬᠲᠠᠭᠠᠯ᠂  ᠴᠢᠭᠯᠡᠯᠲᠡ᠂ ᠲᠦᠷᠥ ᠶᠢᠨ ᠪᠣᠲᠤᠯᠭ᠎ᠠ  ᠶᠢ ᠨᠠᠷᠢᠨ ᠬᠢᠨᠠᠮᠠᠭᠠᠢ ᠲᠤᠤᠱᠯᠠᠭᠤᠯᠤᠨ ᠬᠡᠷᠡᠭᠵᠢᠭᠦᠯᠦᠨ᠎ᠡ᠃    ︵2  ︶   ᠬᠠᠷᠠᠴᠢᠨ ᠬᠤᠰᠢᠭᠤᠨ ᠤ ᠠᠷᠠᠳ ᠤᠨ ᠵᠠᠰᠠᠭ ᠤᠨ  ᠤᠷᠲᠣᠨ ᠳᠤ ᠡᠳ᠋ ᠤᠨ  ᠵᠠᠰᠠᠭ ᠤᠨ  ᠲᠥᠰᠦᠪ ᠤᠨ  ᠬᠡᠷᠡᠭᠵᠢᠭᠦᠯᠦᠭᠳᠡᠵᠦ ᠪᠠᠶᠢᠭ᠎ᠠ ᠪᠠᠶᠢᠲᠡᠯ ᠵᠢᠴᠢ ᠬᠢᠨᠡᠨ ᠪᠤᠲᠤᠬᠰᠡᠨ ᠦᠷ᠎ᠡ ᠳ᠋ᠦᠩ ᠢ  ᠨᠡᠶᠢᠲᠡᠯᠡᠬᠦ   ᠶᠢᠨ ᠬᠠᠮᠲᠤ ᠵᠠᠰᠠᠭ ᠤᠨ ᠤᠷᠳᠤᠨ ᠤ ᠨᠠᠶᠢᠲᠠᠯᠭ᠎ᠠ ᠪᠠᠷ  ᠬᠠᠷᠠᠴᠢᠨ ᠬᠤᠰᠢᠭᠤᠨ ᠤ ᠠᠷᠡᠳ ᠤᠨ ᠲᠦᠯᠦᠬᠡᠯᠡᠭᠴᠢᠳ ᠤᠨ ᠶᠡᠭᠡ ᠬᠤᠷᠡᠯ ᠳᠤ ᠡᠳ᠋ ᠤᠨ  ᠵᠠᠰᠠᠭ ᠤᠨ ᠲᠥᠰᠦᠪ ᠪᠤᠯᠤᠨ ᠤᠷᠤᠯᠭ᠎ᠠ  ᠵᠠᠷᠤᠯᠭ᠎ᠠ  ᠤᠨ ᠬᠢᠨᠡᠨ ᠪᠣᠲᠣᠬᠤ ᠠᠵᠢᠯ ᠤᠨ  ᠮᠡᠲᠡᠭᠦᠯᠥᠯᠲᠡ ᠶᠢ ᠬᠢᠵᠦ  ᠭᠦᠢᠴᠡᠳᠬᠡᠨ᠎ᠡ᠃    ︵3︶ ᠡᠯ᠎ᠡ ᠠᠵᠦ ᠠᠬᠤᠶᠢᠯᠠᠯ᠂ ᠠᠵᠢᠯ ᠤᠶᠢᠯᠡᠰ ᠤᠨ ᠨᠢᠭᠡᠴᠡ ᠶᠢᠨ ᠡᠳ᠋ ᠤᠨ ᠵᠠᠰᠠᠭ ᠤᠨ ᠲᠥᠰᠥᠪ ᠢ  ᠬᠡᠷᠡᠭᠵᠢᠭᠦᠯᠵᠦ ᠪᠠᠶᠢᠭ᠎ᠠ ᠪᠠᠶᠢᠲᠡᠯ ᠪᠤᠯᠥᠨ ᠡᠯ᠎ᠡ ᠰᠢᠶᠠᠩ ᠪᠠᠯᠭᠠᠰᠤᠨ ᠤ ᠠᠷᠡᠳ ᠤᠨ ᠵᠠᠰᠠᠭ ᠤᠨ ᠤᠷᠲᠣᠨ᠂ ᠵᠡᠬᠡᠯᠢ ᠭᠤᠲᠦᠮᠵᠢ ᠶᠢᠨ ᠬᠡᠷᠡᠭ ᠡᠷᠬᠢᠯᠡᠬᠦ ᠭᠠᠵᠠᠷ ᠤᠨ ᠲᠥᠰᠥᠪ ᠢ ᠬᠡᠷᠡᠭᠵᠢᠭᠦᠯᠵᠦ ᠪᠠᠶᠢᠭ᠎ᠠ ᠪᠠᠶᠢᠲᠡᠯ ᠵᠢᠴᠢ ᠪᠤᠰᠥᠤᠨ ᠵᠤᠭᠤᠰ  ᠮᠦᠩᠬᠦᠨ ᠤ ᠬᠠᠮᠢᠶᠠᠷᠤᠯᠲᠠ ᠳᠤ ᠬᠢᠨᠡᠯᠲᠡ ᠲᠠᠯᠪᠢᠨ᠎ᠠ᠃    ︵4︶ ᠡᠯ᠎ᠡ ᠠᠵᠢᠯ ᠤᠶᠢᠯᠡᠰ ᠤᠨ ᠨᠢᠭᠡᠴᠡ᠂ ᠨᠡᠶᠢᠬᠡᠮ ᠪᠦᠯᠭᠦᠮ᠂ ᠨᠡᠶᠢᠬᠡᠮ ᠤᠨ  ᠪᠠᠳᠤᠯᠠᠭ᠎ᠠ ᠶᠢᠨ ᠰᠠᠭᠤᠷᠢ ᠮᠦᠩᠬᠦ᠂ ᠨᠡᠶᠢᠭᠡᠮ ᠳᠤ  ᠲᠤᠰᠠᠯᠠᠵᠦ  ᠴᠤᠭᠯᠠᠭᠤᠯᠤᠭᠰᠠᠨ ᠮᠦᠩᠬᠦ᠂ ᠤᠷᠴᠢᠨ ᠲᠤᠭᠤᠷᠢᠨ ᠢ ᠬᠠᠮᠠᠭᠠᠯᠠᠬᠤ ᠲᠤᠰᠬᠠᠢ ᠮᠦᠩᠬᠦ ᠵᠡᠷᠬᠡ ᠶᠢᠨ ᠤᠷᠤᠯᠭ᠎ᠠ  ᠵᠠᠷᠤᠯᠭ᠎ᠠ ᠳᠤ  ᠬᠢᠨᠡᠯᠲᠠ ᠲᠠᠯᠪᠢᠵᠦ  ᠂  ᠬᠢᠨᠡᠨ ᠪᠤᠲᠤᠬᠤ ᠶᠢ ᠬᠢᠵᠦ   ᠭᠦᠢᠴᠡᠳᠬᠡᠨ᠎ᠡ᠃    ︵5︶  ᠬᠠᠷᠠᠴᠢᠨ ᠬᠤᠰᠢᠭᠤᠨ ᠤ ᠠᠵᠦ ᠠᠬᠤᠢ ᠶᠢ ᠭᠤᠥᠯᠯᠠᠨ ᠬᠠᠮᠢᠶᠠᠷᠴᠦ ᠪᠠᠶᠢᠭ᠎ᠠ  ᠤᠲᠦᠷᠢᠳᠬᠤ ᠺᠠᠲᠡᠷ ᠵᠢᠴᠢ ᠠᠵᠦ ᠠᠬᠤᠢ ᠳᠤ ᠬᠠᠷᠢᠭᠤᠴᠠᠯᠭ᠎ᠠ ᠲᠠᠢ ᠬᠦᠮᠥᠰ ᠲᠤ ᠬᠠᠤᠯᠢ ᠶᠤᠰᠥ ᠪᠠᠷ ᠬᠢᠨᠡᠯᠲᠠ ᠲᠠᠯᠪᠢᠵᠦ᠂ ᠲᠤᠬᠲᠠᠮᠡᠯ ᠬᠤᠭᠤᠴᠠᠭ᠎ᠠ ᠲᠠᠢ ᠪᠠᠷ ᠠᠵᠦ ᠠᠬᠤᠢ ᠶᠢᠨ ᠬᠢᠨᠡᠨ ᠪᠤᠲᠦᠬᠤ ᠡᠭᠦᠷᠬᠡ ᠶᠢ  ᠭᠦᠢᠴᠡᠳᠬᠡᠨ᠎ᠡ᠃    ︵6︶ ᠵᠠᠰᠠᠭ ᠤᠨ ᠤᠷᠲᠣᠨ ᠤ ᠪᠦᠲᠦᠬᠡᠨ ᠪᠠᠶᠢᠭᠤᠯᠤᠯᠲᠠ ᠶᠢᠨ ᠲᠦᠷᠦᠯ ᠵᠤᠶᠢᠯ ᠳᠤ ᠬᠢᠨᠡᠨ ᠬᠠᠮᠢᠶᠠᠷᠤᠯᠲᠠ ᠵᠢᠴᠢ ᠬᠢᠨᠡᠨ ᠪᠤᠲᠦᠬᠤ ᠡᠭᠦᠷᠬᠡ ᠶᠢ  ᠭᠦᠢᠴᠡᠳᠬᠡᠨ᠎ᠡ᠃    ︵7︶ ᠤᠯᠤᠰ ᠤᠨ ᠦᠮᠴᠢᠯᠡᠯᠲᠤ ᠠᠵᠦ ᠠᠬᠤᠶᠢᠯᠠᠯ ᠪᠤᠯᠥᠨ ᠤᠯᠤᠰ ᠤᠨ  ᠡᠵᠡᠮᠰᠢᠯᠡᠯᠲᠦ  ᠭᠤᠣᠯᠲᠠᠯᠭ᠎ᠠ ᠲᠠᠢ ᠭᠦᠷᠦᠩᠬᠡ   ᠣᠷᠤᠭᠤᠯᠥᠬᠰᠡᠨ ᠵᠢᠴᠢ ᠲᠡᠭᠦᠨ ᠤ  ᠬᠠᠷᠢᠭᠤᠴᠠᠯᠭᠠᠲᠠᠨ ᠳᠤ ᠬᠢᠨᠠᠯᠲᠠ ᠲᠠᠯᠪᠢᠨ ᠬᠢᠨᠡᠨ ᠪᠤᠲᠣᠬᠤ ᠡᠭᠦᠷᠬᠡ ᠶᠢ  ᠭᠦᠢᠴᠡᠳᠬᠡᠨ᠎ᠡ᠃    ︵8︶ ᠬᠤᠰᠢᠭᠤᠨ ᠤ ᠠᠷᠡᠳ ᠤᠨ ᠵᠠᠰᠠᠭ  ᠤᠨ ᠤᠷᠳᠦᠨ ᠪᠠ ᠲᠡᠬᠡᠳᠤ ᠱᠠᠲᠤᠨ ᠠᠴᠠ  ᠲᠤᠰᠢᠶᠠᠵᠦ ᠦᠩᠬᠦᠭᠰᠡᠨ ᠪᠤᠰᠤᠳ ᠡᠯ᠎ᠡ ᠵᠤᠶᠢᠯ ᠤᠨ ᠠᠵᠢᠯ ᠤᠳ ᠢ ᠬᠠᠪᠰᠤᠷᠭᠠᠨ  ᠭᠦᠢᠴᠡᠳᠬᠡᠨ᠎ᠡ᠃      
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号