| | | | ᠡᠷᠳᠡ ᠨᠢᠭᠡᠨ ᠴᠠᠭ ᠲᠤ ᠱᠠᠭᠢᠮᠤᠨᠢ ︵ᠱᠠᠭᠵᠠᠮᠤᠨᠢ︶ ᠪᠤᠷᠬᠠᠨ ᠢ ᠨᠢᠷᠸᠠᠨ ᠲᠥᠷᠢ ᠥᠵᠡᠭᠦᠯᠭᠦ ᠶᠢᠨ ᠤᠷᠢᠳ | ᠬᠤᠷᠮᠤᠰᠳᠠ ᠲᠡᠭᠷᠢ ᠪᠤᠷᠬᠠᠨ ᠳᠤ ᠮᠥᠷᠭᠦᠶ᠎ᠡ ᠭᠡᠵᠤ ᠤᠴᠢᠪᠠ᠃ ᠭᠥᠷᠴᠤ ᠮᠥᠷᠭᠦᠭᠰᠡᠨ ᠤ ᠬᠤᠶᠢᠨ᠎ᠡ ᠪᠤᠷᠬᠠᠨ | ᠬᠤᠷᠮᠤᠰᠳᠠ ᠲᠡᠭᠷᠢ ᠳᠤ ᠵᠠᠷᠯᠢᠭ ᠪᠤᠯᠪᠠ᠄ ︽ᠲᠡᠪᠤᠨ ᠵᠠᠭᠤᠨ ᠵᠢᠯ ᠪᠤᠯᠤᠭᠰᠠᠨ ᠤ ᠬᠤᠶᠢᠨ᠎ᠡ ᠶᠢᠷᠳᠢᠨᠴᠥ ᠶᠢᠨ ᠴᠠᠭ | ᠰᠠᠮᠠᠭᠤᠨ ᠪᠤᠯᠬᠤ ᠪᠤᠢ᠃ ᠭᠡᠷ ᠲᠤ ᠪᠠᠨ ᠬᠠᠷᠢᠵᠤ ᠲᠠᠪᠤᠨ ᠵᠠᠭᠤᠨ ᠵᠢᠯ ᠪᠤᠯᠤᠭᠠᠳ ᠭᠤᠷᠪᠠᠨ ᠭᠥᠪᠡᠭᠦᠨ ᠤ ᠪᠠᠨ | ᠨᠢᠭᠡ ᠶᠢ ᠢᠯᠡᠭᠡ᠃ ᠲᠡᠷᠡ ᠶᠢᠷᠳᠢᠨᠴᠥ ᠶᠢᠨ ᠬᠠᠭᠠᠨ ᠲᠡᠷᠡ ᠪᠤᠯᠳᠤᠭᠠᠢ᠃ ᠭᠥᠴᠥᠳᠡᠨ ᠨᠢ ᠭᠥᠴᠥ ᠥᠭᠡᠢ ᠪᠠᠨ | ᠪᠠᠷᠢᠵᠤ ᠢᠳᠡᠭᠦ ᠪᠤᠢ᠃ ᠭᠥᠷᠥᠭᠡᠰᠤ ᠥᠪᠡᠷ ᠬᠤᠭᠤᠷᠤᠨᠳᠤ ᠪᠠᠨ ᠨᠢᠭᠡ ᠨᠢᠭᠡ ᠪᠠᠨ ᠪᠠᠷᠢᠵᠤ ᠢᠳᠡᠭᠦ ᠪᠤᠢ᠃ ᠴᠢ | ᠭᠤᠷᠪᠠᠨ ᠭᠥᠪᠡᠭᠦᠨ ᠤ ᠪᠠᠨ ᠨᠢᠭᠡ ᠶᠢ ᠤᠴᠢᠭᠤᠯ᠃ ᠲᠡᠷᠡ ᠶᠢᠷᠳᠢᠨᠴᠥ ᠶᠢ ᠡᠵᠡᠯᠡᠭᠴᠢ ᠬᠠᠭᠠᠨ ᠲᠡᠷᠡ ᠪᠤᠯᠬᠤ ᠪᠤᠢ︾ | ᠭᠡᠪᠡ᠃ ︽ᠲᠠᠪᠤᠨ ᠵᠠᠭᠤᠨ ᠵᠢᠯ ᠵᠢᠷᠭᠠᠯ ᠳᠤ ᠪᠠᠨ ᠲᠠᠰᠢᠭᠤᠷᠠᠵᠤ ᠰᠠᠭᠤᠪᠠ ᠴᠢ᠃ ᠮᠢᠨᠥ ᠵᠠᠷᠯᠢᠭ ᠢᠶᠠᠷ ᠥᠳᠳᠡᠷ | ᠢᠯᠡᠭᠡᠭᠡᠷᠡᠢ︾ ᠭᠡᠪᠡ᠃ ᠬᠤᠷᠮᠤᠰᠳᠠ ᠲᠡᠭᠷᠢ᠄ ︽ᠵᠥᠪ︾ ᠭᠡᠳ ᠬᠠᠷᠢᠵᠤ ᠢᠷᠡᠪᠡ᠃ ᠢᠷᠡᠭᠰᠡᠨ ᠤ ᠬᠤᠶᠢᠨ᠎ᠡ | ᠪᠤᠷᠬᠠᠨ ᠤ ᠵᠠᠷᠯᠢᠭ ᠢ ᠮᠠᠷᠳᠠᠵᠤ ᠬᠤᠷᠮᠤᠰᠳᠠ ᠲᠡᠭᠷᠢ ᠲᠤᠯᠤᠭᠠᠨ ᠵᠠᠭᠤᠨ ᠵᠢᠯ ᠪᠤᠯᠳᠠᠯ᠎ᠡ ᠰᠠᠭᠤᠪᠠ᠃ ᠰᠠᠭᠤᠵᠤ | ᠪᠠᠶᠢᠳᠠᠯ᠎ᠡ ᠰᠤᠳᠠᠷᠠᠰᠤᠨ ᠪᠠᠯᠭᠠᠰᠤᠨ ᠤ ᠶᠡᠭᠡ ᠬᠤᠳᠠ ᠶᠢᠨ ᠪᠠᠷᠠᠭᠤᠨ ᠥᠨᠴᠥᠭ ᠨᠢ ᠨᠢᠭᠡᠨ ᠲᠥᠮᠡᠨ ᠪᠠᠷ᠎ᠡ ᠶᠢᠨ | ᠭᠠᠵᠠᠷ ᠡᠪᠳᠡᠷᠡᠪᠡ᠃ ᠬᠤᠷᠮᠤᠰᠳᠠ ᠲᠡᠭᠷᠢ ᠲᠡᠷᠢᠭᠦᠯᠡᠨ ᠭᠤᠴᠢᠨ ᠭᠤᠷᠪᠠᠨ ᠲᠡᠭᠷᠢ ᠨᠠᠷ ᠬᠠᠮᠤᠭ ᠵᠡᠷ ᠵᠡᠪᠰᠡᠭ ᠢᠶᠠᠨ | ᠠᠪᠴᠤ᠄ ︽ᠡᠨᠡ ᠬᠤᠳᠠ ᠶᠢ ᠭᠡᠨ ᠡᠪᠳᠡᠪᠡ︖ ᠪᠢᠳᠡᠨ ᠳᠤ ᠥᠰᠢᠶᠡᠳᠤ ᠲᠠᠶᠢᠰᠤᠨ ᠥᠭᠡᠢ ᠪᠢᠯᠡ᠃ ᠠᠰᠤᠷᠢ | ᠨᠠᠷ ᠤᠨ ᠴᠡᠷᠢᠭ ᠡᠪᠳᠡᠪᠡ ᠤᠤ ᠡᠭᠦᠨ ᠢ︖︾ ᠭᠡᠵᠤ ᠬᠤᠳᠠ ᠶᠢᠨ ᠢᠶᠠᠨ ᠡᠪᠳᠡᠷᠡᠭᠰᠡᠨ ᠵᠥᠭ ᠲᠤ ᠤᠴᠢᠪᠠ᠃ | ᠤᠴᠢᠵᠤ ᠥᠵᠡᠭᠦ ᠳᠤ ᠬᠤᠳᠠ ᠨᠢ ᠥᠪᠡᠷ ᠢᠶᠠᠨ ᠡᠪᠳᠡᠷᠡᠭᠰᠡᠨ ᠠᠵᠢ᠃ ᠬᠤᠷᠮᠤᠰᠳᠠ ᠲᠡᠭᠷᠢ ᠲᠡᠷᠢᠭᠦᠯᠡᠨ ᠭᠤᠴᠢᠨ | ᠭᠤᠷᠪᠠᠨ ᠲᠡᠭᠷᠢ ᠨᠠᠷ ᠪᠥᠭᠦᠳᠡᠭᠡᠷ ᠢᠶᠠᠨ ᠶᠠᠷᠢᠯᠴᠠᠪᠠ᠃ ᠥᠪᠡᠷ ᠵᠠᠭᠤᠷ᠎ᠡ ᠪᠠᠨ᠄ ︽ᠡᠨᠡ ᠬᠤᠳᠠ ᠶᠠᠭᠤᠨ ᠳᠤ | ᠡᠪᠳᠡᠷᠡᠪᠡ︖︾ ᠭᠡᠵᠤ ᠶᠠᠷᠢᠯᠴᠠᠵᠤ ᠪᠠᠶᠢᠳᠠᠯ᠎ᠡ ᠬᠤᠷᠮᠤᠰᠳᠠ ᠲᠡᠭᠷᠢ ᠰᠠᠨᠠᠪᠠ᠄ ︽ᠱᠠᠭᠢᠮᠤᠨᠢ ︵ᠱᠠᠭᠵᠠᠮᠤᠨᠢ︶ | ᠪᠤᠷᠬᠠᠨ ᠢ ᠨᠢᠷᠸᠠᠨ ᠲᠥᠷᠢ ᠥᠵᠡᠭᠦᠯᠭᠦ ᠶᠢᠨ ᠤᠷᠢᠳ ᠮᠥᠷᠭᠦᠶ᠎ᠡ ᠭᠡᠵᠤ ᠤᠴᠢᠵᠤ ᠪᠢᠯᠡ ᠪᠢ᠃ ᠮᠥᠷᠭᠦᠭᠰᠡᠨ ᠤ | ᠬᠤᠶᠢᠨ᠎ᠡ ᠪᠤᠷᠬᠠᠨ ᠨᠠᠳᠠ ᠵᠠᠷᠯᠢᠭ ᠪᠤᠯᠵᠤ᠄ ︿ᠲᠠᠪᠤᠨ ᠵᠠᠭᠤᠨ ᠵᠢᠯ ᠪᠤᠯᠤᠭᠠᠳ ᠭᠤᠷᠪᠠᠨ ᠭᠥᠪᠡᠭᠦᠨ ᠤ ᠪᠠᠨ ᠨᠢᠭᠡ ᠶᠢ | ᠢᠯᠡᠭᠡ᠃ ᠶᠢᠷᠳᠢᠨᠴᠥ ᠶᠢᠨ ᠴᠠᠭ ᠰᠠᠮᠠᠭᠤᠨ ᠪᠤᠯᠬᠤ ᠪᠤᠢ﹀ ᠭᠡᠵᠤ ᠪᠢᠯᠡ᠃ ︿ᠭᠥᠴᠥᠳᠡᠢ ᠨᠢ ᠭᠥᠴᠥ ᠥᠭᠡᠢ ᠪᠠᠨ | ᠪᠠᠷᠢᠵᠤ ᠢᠳᠡᠭᠦ ᠪᠤᠢ᠃ ᠭᠥᠷᠥᠭᠡᠰᠤ ᠥᠪᠡᠷ ᠵᠠᠭᠤᠷ᠎ᠡ ᠪᠠᠨ ᠨᠢᠭᠡ ᠨᠢᠭᠡ ᠶᠢ ᠪᠠᠨ ᠪᠠᠷᠢᠵᠤ ᠢᠳᠡᠭᠦ ᠪᠤᠢ﹀ ᠭᠡᠵᠤ ᠪᠢᠯᠡ | ᠃ ︿ᠪᠢ ᠮᠠᠷᠳᠠᠵᠤ ᠵᠢᠷᠭᠠᠯ ᠳᠤ ᠪᠠᠨ ᠲᠠᠰᠢᠭᠤᠷᠠᠵᠤ ᠲᠠᠪᠤᠨ ᠵᠠᠭᠤᠨ ᠵᠢᠯ ᠠᠴᠠ ᠢᠯᠡᠭᠦᠥ ᠲᠤᠯᠤᠭᠠᠨ ᠵᠠᠭᠤᠨ ᠵᠢᠯ | ᠢᠯᠡᠭᠦᠥ ᠰᠠᠭᠤᠵᠤ ᠪᠠᠶᠢᠨ᠎ᠡ ᠪᠢ﹀︾ ᠭᠡᠪᠡ᠃ |