ᠴᠢᠨᠲᠠᠮᠤᠨᠢ ᠬᠠᠲᠠ ᠪᠠ ᠬᠡᠷ ᠴᠢᠯᠠᠭᠤ
ᠨᠡᠶᠢᠲᠡᠯᠡᠭᠰᠡᠨ ᠴᠠᠭ᠄
2018/1/2
    ᠪᠠᠭᠠᠷᠢᠨ ᠵᠡᠭᠦᠨ ᠬᠤᠰᠢᠭᠤᠨ ᠳᠤ ᠠᠭᠤᠯᠨ ᠤᠰᠤᠨ ᠤ ᠦᠵᠡᠮᠵᠢ ᠪᠠᠷ ᠦᠯᠡᠮᠵᠢ ᠭᠤᠶᠤᠬᠠᠨ ᠵᠤᠤ ᠶᠢᠨ ᠤᠷᠤᠨ ᠭᠡᠭᠴᠢ ᠨᠢᠭᠡ ᠰᠠᠶᠢᠬᠠᠨ ᠭᠠᠵᠠᠷ ᠪᠠᠶᠢᠲᠠᠭ᠃ ᠡᠨᠡ ᠤᠷᠤᠨ ᠳᠤ ᠨᠢᠭᠡ ᠬᠡᠪᠲᠡᠭᠡ ᠪᠤᠷᠬᠠᠨᠲᠤ ᠬᠡᠶᠢᠳ ᠲᠠᠢ᠂ ᠡᠭᠦᠨ ᠢ ᠬᠢᠯᠤᠪᠠᠷ ᠵᠤᠤ ᠭᠡᠨ᠎ᠡ᠃ ᠡᠨᠡ ᠵᠤᠤ ᠶᠢᠨ ᠠᠷᠤ ᠳᠤ ᠲᠦᠰᠢᠯᠭᠡ ᠪᠤᠯᠤᠭᠰᠠᠨ ᠠᠰᠬ᠎ᠠ ᠬᠠᠲᠠᠨ ᠤ ᠤᠷᠤᠢ ᠲᠡᠭᠡᠷ᠎ᠡ ᠠᠯᠲᠠᠨ ᠮᠡᠯᠡᠭᠡᠢ ᠶᠢᠨ ᠰᠢᠷᠭᠤᠭᠤᠯ ᠭᠡᠵᠦ ᠬᠦᠮᠦᠰ ᠠᠮᠨ ᠪᠠᠷ ᠨᠢ ᠰᠢᠷᠭᠤᠨ ᠤᠷᠤᠭᠠᠳ ᠠᠷᠤ ᠪᠠᠷ ᠨᠢ ᠭᠠᠷᠲᠠᠭ ᠰᠢᠷᠭᠤᠭᠤᠯ ᠬᠠᠲᠠ ᠪᠠᠶᠢᠲᠠᠭ᠃ ᠠᠯᠲᠠᠨ ᠮᠡᠯᠡᠭᠡᠢ ᠶᠢᠨ ᠠᠷᠤ ᠳᠤ ᠬᠠᠯᠢᠯ ᠬᠠᠲᠠ ᠶᠢᠨ ᠢᠷᠮᠡᠭ ᠢ ᠬᠦᠪᠡᠭᠡᠲᠡᠭᠡᠳ ᠮᠤᠩᠭᠤᠯ ᠭᠡᠷ ᠠᠴᠠ ᠭᠡᠲᠦ ᠲᠠᠬᠢᠨ ᠶᠡᠭᠡ ᠲᠤᠭᠤᠷ ᠤᠨ ᠬᠡᠯᠪᠡᠷᠢᠲᠦ ᠲᠤᠮᠤ ᠬᠠᠲᠠ ᠪᠠᠶᠢᠲᠠᠭ ᠢ ᠴᠢᠨᠲᠠᠮᠤᠨᠢ ᠬᠠᠲᠠ ᠬᠡᠨ᠎ᠡ᠃    ᠬᠢᠯᠤᠪᠡᠷ ᠵᠤᠤ ᠠᠴᠠ ᠪᠠᠷᠠᠭᠤᠨ ᠬᠤᠶᠢᠰᠢ ᠠᠷᠪᠠᠭᠠᠳ ᠭᠠᠵᠠᠷ ᠵᠠᠶᠢᠲᠠᠢ ᠲᠠᠯ᠎ᠠ ᠶᠢᠨ ᠲᠤᠮᠲᠠ ᠮᠢᠩᠭᠠᠨ ᠬᠤᠨᠢᠨ ᠤ ᠬᠤᠷᠤᠭᠠᠨ ᠤ ᠬᠢᠷᠢ ᠰᠠᠭᠤᠷᠢ ᠲᠠᠢ ᠲᠠᠪᠤ ᠵᠢᠷᠭᠤᠭᠠᠨ ᠵᠠᠩ ᠦᠨᠲᠦᠷ ᠲᠤᠮᠤ ᠬᠠᠲᠠ ᠪᠠᠶᠢᠲᠠᠭ᠃ ᠡᠭᠦᠨ ᠢ ᠭᠡᠰᠡᠷ ᠤᠨ ᠭᠡᠷ ᠴᠢᠯᠠᠭᠤ ᠭᠡᠲᠡᠭ᠃     ᠨᠤᠲᠤᠭ ᠤᠨ ᠬᠦᠮᠦᠰ ᠤᠨ ᠶᠠᠷᠢᠬᠤ ᠪᠠᠷ ᠡᠷᠲᠡ ᠤᠷᠢᠲᠤ ᠶᠢᠨ ᠴᠠᠭ ᠲᠤ ᠡᠨᠡ ᠬᠠᠯᠢᠯ ᠬᠠᠲᠠᠨ ᠳᠤ ᠬᠢ ᠠᠯᠲᠠᠨ ᠮᠡᠯᠡᠭᠡᠢ ᠴᠠᠭ ᠵᠠᠭᠤᠷ᠎ᠠ ᠳᠤ ᠬᠡᠨᠡᠳᠳᠡ ᠲᠤᠭᠰᠢᠷᠠᠵᠤ ᠬᠤᠨᠢ ᠮᠠᠯ ᠢ ᠬᠡᠪᠲᠡᠷᠢ ᠪᠠᠷ ᠨᠢ ᠵᠠᠯᠬᠢᠵᠤ ᠬᠤᠲᠠ ᠠᠶᠢᠯ ᠢ ᠪᠦᠬᠦᠯᠢ ᠪᠠᠷ ᠨᠢ ᠢᠲᠡᠵᠦ ᠤᠷᠴᠢᠨ ᠲᠤᠭᠤᠷᠢᠨ ᠳᠤ ᠪᠠᠨ ᠭᠠᠢ ᠭᠠᠮᠰᠢᠭ ᠲᠠᠷᠢᠭᠰᠠᠨ ᠭᠡᠨ᠎ᠡ᠃     ᠠᠲᠠ ᠴᠢᠳᠬᠦᠷ᠂ ᠠᠲᠤᠭᠠᠷ ᠮᠠᠩᠭᠤᠰ ᠢ ᠲᠠᠷᠤᠵᠤ ᠬᠦᠮᠦᠨ ᠤ ᠶᠢᠷᠳᠢᠨᠴᠦ ᠶᠢ ᠲᠦᠪᠰᠢᠳᠭᠡᠨ ᠬᠦᠨᠦᠭᠡᠯ ᠠᠶᠤᠯ ᠦᠭᠡᠢ ᠪᠤᠯᠭᠠᠬᠤ ᠪᠠᠷ ᠪᠠᠭᠤᠭᠰᠠᠨ ᠠᠷᠪᠠᠨ ᠵᠦᠭ ᠤᠨ ᠡᠵᠡᠨ ᠪᠤᠭᠲᠠ ᠠᠴᠢᠲᠤ ᠮᠡᠷᠭᠡᠨ ᠭᠡᠰᠡᠷ ᠬᠠᠭᠠᠨ ᠨᠢᠭᠡᠨ ᠡᠲᠦᠷ ᠠᠯᠲᠠᠨ ᠮᠡᠯᠡᠬᠡᠢ ᠶᠢᠨ ᠰᠠᠮᠠᠭᠤᠷᠠᠭᠰᠠᠨ ᠢ ᠪᠢᠯᠢᠭ ᠤᠨ ᠬᠤᠶᠠᠷ ᠨᠢᠲᠦ ᠪᠠᠷ ᠢᠶᠠᠨ ᠦᠵᠡᠭᠡᠳ ᠠᠭᠤᠷ ᠬᠢᠯᠢᠩ ᠪᠠᠲᠠᠷᠠᠵᠤ ᠤᠷᠰᠢᠭ ᠤᠨ ᠮᠠᠭᠤ ᠠᠯᠲᠠᠨ ᠮᠡᠯᠡᠬᠡᠢ ᠶᠢ ᠲᠠᠷᠤᠬᠤ ᠪᠠᠷ ᠡᠨᠡ ᠵᠦᠭ ᠲᠤ ᠮᠤᠷᠲᠠᠭᠰᠠᠨ ᠪᠠᠶᠢᠵᠠᠢ᠃     ᠪᠢᠯᠢᠭ ᠤᠨ ᠭᠡᠭᠡᠷ ᠮᠤᠷᠢᠨ ᠳᠤ ᠪᠠᠨ ᠡᠷᠲᠡᠨᠢ ᠶᠢᠨ ᠬᠤᠶᠠᠷ ᠴᠢᠯᠠᠭᠤ ᠪᠠᠨ ᠪᠤᠷᠤᠭᠤᠲᠠᠢ ᠵᠦᠪᠲᠡᠢ ᠲᠠᠯ᠎ᠠ ᠳᠤ ᠨᠢ ᠨᠢᠭᠡ ᠨᠢᠭᠡ ᠭᠠᠨᠵᠤᠭᠠᠯᠠᠵᠤ ᠡᠭᠡᠯᠢ ᠲᠠᠢ ᠲᠡᠭᠷᠢ ᠶᠢᠨ ᠲᠤᠤᠭᠤᠷ᠂ ᠡᠪᠡᠰᠦ ᠲᠠᠢ ᠲᠡᠯᠡᠬᠡᠢ ᠶᠢᠨ ᠲᠡᠭᠡᠭᠦᠷ᠂ ᠵᠢᠯ ᠤᠨ ᠭᠠᠵᠠᠷ ᠢ ᠡᠲᠦᠷ ᠢᠶᠠᠷ᠂ ᠡᠲᠦᠷ ᠤᠨ ᠭᠠᠵᠠᠷ ᠢ ᠴᠠᠭ ᠢᠶᠠᠷ ᠲᠤᠪᠴᠢᠯᠠᠵᠤ ᠲᠠᠪᠬᠢᠭᠰᠠᠨ ᠬᠡᠨ᠎ᠡ᠃ ᠵᠤᠤ ᠶᠢᠨ ᠬᠠᠲᠠ ᠶᠢᠨ ᠪᠠᠷᠠᠭᠤᠨ ᠲᠠᠯ᠎ᠠ ᠶᠢᠨ ᠲᠤᠮᠲᠠ ᠢᠷᠡᠬᠦ ᠳᠤ ᠪᠤᠷᠤᠭᠤᠲᠠᠢ ᠭᠠᠨᠵᠤᠭ᠎ᠠ ᠨᠢ ᠠᠯᠲᠠᠷᠠᠵᠤ ᠡᠷᠲᠡᠨᠢ ᠶᠢᠨ ᠴᠢᠯᠠᠭᠤ ᠶᠢᠨ ᠢᠶᠠᠨ ᠨᠢᠭᠡ ᠶᠢ ᠲᠡᠨᠳᠡ ᠭᠡᠭᠡᠭᠰᠡᠨ ᠭᠡᠨ᠎ᠡ᠃ ᠡᠨᠡ ᠨᠢ ᠭᠡᠰᠡᠷ ᠤᠨ ᠭᠡᠷ ᠴᠢᠯᠠᠭᠤ ᠭᠡᠭᠴᠢ ᠲᠡᠷᠨ ᠲᠤᠮᠤ ᠬᠠᠲᠠ ᠮᠥᠨ ᠭᠡᠨ᠎ᠡ᠃     ᠭᠡᠰᠡᠷ ᠪᠤᠭᠲᠠ ᠵᠦᠪᠲᠡᠢ ᠭᠠᠨᠵᠤᠭ᠎ᠠ ᠶᠢᠨ ᠲᠡᠷᠨ ᠡᠷᠲᠡᠨᠢ ᠶᠢᠨ ᠴᠢᠯᠠᠭᠤ ᠪᠠᠨ ᠵᠤᠤ ᠶᠢᠨ ᠠᠷᠤ ᠶᠢᠨ ᠲᠦᠰᠢᠯᠭᠡ ᠬᠠᠲᠠᠨ ᠤ ᠤᠷᠤᠢ ᠳᠤ ᠭᠠᠷᠭᠠᠵᠤ ᠲᠠᠯᠪᠢᠭᠠᠳ ᠠᠯᠲᠠᠨ ᠮᠡᠯᠡᠭᠡᠢ ᠶᠢᠨ ᠲᠠᠷᠤᠯᠭ᠎ᠠ ᠪᠤᠯᠭᠠᠵᠠᠢ ᠭᠡᠨ᠎ᠡ᠃ ᠳᠠᠷᠨ ᠴᠠᠭ ᠠᠴᠠ ᠡᠨ᠋ᠨ ᠴᠢᠯᠠᠭᠤᠨ ᠠᠴᠠ ᠡᠷᠳᠡᠨᠢ ᠶᠢᠨ ᠳᠡᠪᠤᠨ ᠬᠡᠷᠡᠯ ᠡᠲᠦᠷ ᠰᠦᠨᠢ ᠦᠭᠡᠢ ᠰᠠᠴᠤᠷᠡᠵᠤ ᠬᠤᠯᠨ ᠤᠶᠢᠷ᠎ᠠ ᠶᠢᠨ ᠬᠦᠨᠦᠬᠡᠯ ᠳᠤ ᠤᠴᠠᠷᠠᠭᠰᠠᠨ ᠬᠦᠮᠦᠨ ᠠᠮᠢᠳᠡᠨ ᠠᠮᠢᠯᠠᠵᠤ ᠬᠤᠤᠷ ᠳᠡᠷᠢᠵᠤ ᠲᠦᠢᠲᠦᠭᠰᠡᠨ ᠠᠯᠳᠡᠨ ᠮᠡᠯᠡᠬᠡᠢ ᠬᠠᠯᠢᠯ ᠬᠠᠳᠡᠨ ᠤ ᠤᠷᠤᠢ ᠳᠡᠬᠡᠷ᠎ᠠ ᠬᠡᠰᠡᠷ ᠤᠨ ᠬᠤᠪᠢᠯᠭᠠᠨ ᠴᠢᠯᠠᠭᠤᠨ ᠤ ᠷᠢᠳᠢ ᠰᠢᠳᠢ ᠳᠤ ᠳᠠᠷᠤᠭᠳᠡᠵᠤ ᠦᠨᠢᠳᠡ ᠬᠦᠳᠡᠯᠤᠰᠢ ᠦᠭᠡᠢ ᠬᠡᠪᠳᠡᠭᠰᠡᠨ ᠪᠠᠶᠢᠵᠡᠢ᠃ ᠢᠩᠬᠢᠬᠡᠳ ᠭᠠᠢ ᠭᠠᠮᠰᠢᠭ ᠠᠷᠢᠯᠵᠤ ᠦᠯᠵᠡᠢ ᠪᠤᠶᠠᠨ ᠳᠡᠯᠬᠡᠷᠡᠭᠰᠡᠨ ᠠᠴᠠ ᠬᠦᠮᠦᠰ ᠡᠨ᠋ᠨ ᠡᠷᠳᠡᠨᠢ ᠶᠢᠨ ᠴᠢᠯᠠᠭᠤ ᠶᠢ ︽ᠬᠦᠰᠡᠯ ᠢ ᠬᠠᠩᠭᠠᠭᠴᠢ ᠴᠢᠡᠳᠡᠮᠤᠨᠢ︾ ᠭᠡᠵᠤ ᠨᠡᠷᠡᠯᠡᠬᠦ ᠪᠤᠯᠤᠭᠰᠠᠨ ᠬᠡᠨ᠎ᠠ᠃     ᠴᠢᠡᠳᠡᠮᠤᠨᠢ ᠬᠠᠳᠡ ᠶᠢᠨ ᠳᠤᠬᠠᠢ ᠲᠠᠢ ᠪᠠᠰᠠ ᠨᠢᠬᠡ ᠵᠦᠢᠯ ᠤᠨ ᠳᠤᠮᠤᠭ ᠬᠡᠪᠡᠯ ᠨᠢᠬᠡᠨ ᠡᠲᠦᠷ ᠪᠤᠭᠳᠡ ᠬᠡᠰᠡᠷ ᠬᠠᠭᠠᠨ ᠵᠤᠤ ᠠᠴᠠ ᠪᠠᠷᠡᠭᠤᠨ ᠡᠮᠦᠨ᠎ᠠ ᠪᠠᠶᠢᠭ᠎ᠠ ᠬᠠᠭᠠᠯᠭ᠎ᠠ ᠬᠠᠳᠡ ᠠᠴᠠ ᠤᠩᠭᠤᠨ ᠠᠭᠤᠯᠨ ᠶᠢᠨ ᠤᠷᠤᠢ ᠳᠤ ᠬᠢ ᠲᠦᠬᠦᠷᠢᠭ ᠬᠠᠳᠡ ᠶᠢ ᠬᠠᠷᠪᠤᠵᠤ ᠨᠠᠭᠠᠳᠤᠭᠰᠠᠨ ᠬᠡᠨ᠎ᠠ᠃ ᠬᠡᠰᠡᠷ ᠤᠨ ᠵᠡᠪᠡ ᠳᠤ ᠳᠠᠭᠠᠷᠢᠭᠳᠠᠭᠰᠠᠨ ᠳᠠᠷᠨ ᠬᠠᠳᠡ ᠨᠢ ᠬᠠᠯᠢᠵᠤ ᠨᠢᠰᠦᠬᠡᠳ ᠬᠢᠯᠤᠪᠡᠷ ᠵᠤᠤ ᠶᠢᠨ ᠲᠦᠰᠢᠯᠬᠡ ᠬᠠᠳᠡᠨ ᠤ ᠤᠷᠤᠢ ᠳᠡᠬᠡᠷ᠎ᠠ ᠳᠤᠰᠴᠤ ᠳᠤᠭᠳᠠᠵᠤ ᠡᠨ᠋ᠨ ᠭᠠᠵᠠᠷ ᠠᠴᠠ ᠬᠢᠵᠢᠭ ᠳᠤᠮᠤᠭᠤ ᠠᠷᠢᠯᠵᠤ ᠬᠡᠢ ᠮᠤᠷᠢ ᠪᠤᠶᠠᠨ ᠳᠡᠯᠬᠡᠷᠡᠵᠤ ᠠᠷᠡᠳ ᠢᠷᠬᠡᠨ ᠠᠮᠤᠷ ᠲᠦᠪᠰᠢᠨ ᠠᠮᠢᠳᠤᠷᠡᠬᠤ ᠪᠤᠯᠤᠭᠰᠠᠨ ᠬᠡᠨ᠎ᠠ᠃ ᠡᠨ᠋ᠨ ᠤᠴᠢᠷ ᠠᠴᠠ ᠡᠨ᠋ᠨ ᠬᠠᠳᠡ ᠶᠢ ︽ᠴᠢᠡᠳᠡᠮᠤᠨᠢ ᠡᠷᠳᠡᠨᠢ︾ ᠭᠡᠵᠤ ᠮᠡᠯᠴᠢᠳ ᠰᠦᠰᠦᠭᠯᠡᠨ ᠨᠠᠷᠡᠶᠢᠳᠴᠤ ᠡᠷᠬᠦᠯ ᠮᠦᠷᠬᠦᠯ ᠬᠢᠬᠦ ᠪᠤᠯᠤᠭᠰᠠᠨ ᠬᠡᠨ᠎ᠠ᠃  
 
ᠢᠷᠡᠯᠲᠡ᠄ ᠭᠡᠰᠡᠷ ᠤᠨ ᠲᠤᠤᠯᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号