ᠭᠡᠰᠡᠷ ᠤᠨ ᠮᠤᠷᠢᠨ ᠤᠶᠠᠭ᠎ᠠ
ᠨᠡᠶᠢᠲᠡᠯᠡᠭᠰᠡᠨ ᠴᠠᠭ᠄
2018/1/2
    ᠭᠤᠷᠪᠠᠨ ᠲᠤᠯᠭ᠎ᠠ ᠶᠢᠨ ᠲᠤᠬᠠᠢ ᠲᠠᠢ ᠪᠠᠰᠨ ᠡᠶᠢᠮᠦ ᠨᠢᠭᠡᠨ ᠲᠤᠮᠤᠭ ᠪᠠᠶᠢᠲᠠᠭ᠃ ᠭᠤᠷᠪᠠᠨ ᠲᠤᠯᠭ᠎ᠠ ᠬᠠᠲᠠ ᠶᠢᠨ ᠵᠡᠭᠦᠨᠲᠡᠬᠢ ᠬᠠᠲᠠ ᠨᠢ ᠭᠡᠰᠡᠷ ᠪᠤᠭᠲᠠ ᠶᠢᠨ ᠪᠢᠯᠢᠭ ᠤᠨ ᠭᠡᠭᠡᠷ ᠢᠶᠠᠨ ᠤᠶᠠᠵᠤ ᠪᠠᠶᠢᠭᠰᠠᠨ ᠮᠤᠷᠢᠨ ᠤᠶᠠᠭ᠎ᠠ ᠭᠡᠨ᠎ᠡ᠃ ︽ᠮᠤᠷᠢᠨ ᠤᠶᠠᠭ᠎ᠠ︾ ᠶᠢ ᠬᠦᠷᠢᠶᠡᠯᠡᠭᠡᠳ ᠬᠡᠲᠦᠨ ᠮᠢᠩᠭᠠᠨ ᠠᠲᠤᠭᠤ ᠬᠤᠷᠢᠵᠤ ᠪᠠᠭᠲᠠᠮ᠎ᠠ ᠲᠦᠭᠦᠷᠢᠭ ᠶᠡᠭᠡ ᠬᠤᠲᠤᠭᠤᠷ ᠪᠠᠶᠢᠲᠠᠭ ᠢ ᠬᠦᠷᠢᠶᠡᠲᠦ ᠭᠡᠲᠡᠭ᠃     ᠡᠵᠡᠨ ᠭᠡᠰᠡᠷ ᠡᠨᠡ ᠵᠤ ᠳᠤ ᠠᠲᠤᠭᠤ ᠮᠠᠯ ᠢᠶᠠᠨ ᠪᠡᠯᠴᠢᠭᠡᠵᠦ ᠰᠠᠭᠤᠬᠤ ᠳᠤ ᠪᠠᠨ ᠠᠭᠲᠠ ᠬᠦᠯᠦᠭ ᠪᠢᠯᠢᠭ ᠤᠨ ᠭᠡᠭᠡᠷ ᠢᠶᠠᠨ ᠡᠨᠡ ᠱᠤᠷᠤᠩ ᠬᠠᠲᠠ ᠠᠴᠠ ᠤᠶᠠᠲᠠᠭ ᠪᠠᠶᠢᠭᠰᠠᠨ ᠭᠡᠨ᠎ᠡ᠃ ᠪᠢᠯᠢᠭ ᠤᠨ ᠭᠡᠭᠡᠷ ᠮᠤᠷᠢ ᠨᠢ ᠠᠲᠤᠭᠤ ᠮᠠᠯ ᠤᠨ ᠠᠨᠢᠷ ᠴᠢᠮᠡᠭᠡ ᠠᠪᠤᠭᠰᠠᠭᠠᠷ ᠠᠯᠢᠶ᠎ᠠ ᠵᠠᠩ ᠨᠢ ᠬᠦᠲᠡᠯᠵᠦ ᠤᠶᠠᠭ᠎ᠠ ᠪᠠᠨ ᠲᠤᠭᠤᠷᠢᠨ ᠴᠤᠪᠬᠤᠴᠢᠵᠤ ᠤᠨᠠᠭᠠᠨ ᠲᠠᠭᠤ ᠪᠠᠷ ᠦᠤᠷᠰᠡᠵᠦ ᠪᠠᠶᠢᠲᠠᠭ ᠭᠡᠨ᠎ᠡ᠃ ᠡᠲᠦᠷ ᠬᠤᠨᠤᠭ ᠤᠨ ᠵᠤᠵᠠᠭᠠᠨ ᠳᠤ ᠡᠵᠡᠨ ᠭᠡᠰᠡᠷ ᠤᠨ ᠡᠷᠲᠡᠨᠢ ᠶᠢᠨ ᠬᠦᠯᠦᠭ ᠤᠨ ᠲᠤᠭᠤᠷᠠᠢ ᠳᠤ ᠴᠠᠪᠴᠢᠯᠠᠭᠲᠠᠭᠠᠳ ᠡᠨᠡ ᠶᠡᠭᠡ ᠬᠦᠷᠢᠶᠡᠲᠦ ᠭᠡᠬᠦ ᠬᠤᠲᠤᠭᠤᠷ ᠪᠤᠢ ᠪᠤᠯᠤᠭᠰᠠᠨ ᠭᠡᠨ᠎ᠡ᠃
 
ᠢᠷᠡᠯᠲᠡ᠄ ᠭᠡᠰᠡᠷ ᠤᠨ ᠲᠤᠤᠯᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号