ᠲᠤᠯᠭ᠎ᠠ ᠬᠠᠲᠠ
ᠨᠡᠶᠢᠲᠡᠯᠡᠭᠰᠡᠨ ᠴᠠᠭ᠄
2018/1/2
    ᠪᠠᠭᠠᠷᠢᠨ ᠪᠠᠷᠠᠭᠤᠨ ᠬᠤᠰᠢᠭᠤᠨ ᠤ ᠶᠡᠬᠡᠨᠠᠭᠤᠷ ᠰᠤᠮᠤᠨ ᠤ ᠵᠠᠰᠠᠭ ᠰᠠᠭᠤᠭ᠎ᠠ ᠠᠶᠢᠯ ᠤᠨ ᠠᠷᠤ ᠳᠤ ᠨᠢᠭᠡᠨ ᠶᠡᠭᠡ ᠵᠤ ᠪᠠᠶᠢᠲᠠᠭ᠂ ᠡᠨᠡ ᠵᠤ ᠲᠡᠭᠡᠷ᠎ᠡ ᠪᠠᠶᠢᠭ᠎ᠠ ᠲᠤᠮᠤ ᠬᠠᠲᠠ ᠪᠠᠷ ᠪᠦᠷᠢᠯᠲᠦᠭᠰᠡᠨ ᠭᠤᠷᠪᠠᠨ ᠱᠤᠷᠤᠩ ᠢ ᠭᠡᠰᠡᠷ ᠤᠨ ᠲᠤᠯᠭ᠎ᠠ ᠬᠠᠲᠠ ᠭᠡᠲᠡᠭ ᠶᠤᠮ᠃     ᠭᠡᠰᠡᠷ ᠬᠠᠭᠠᠨ ᠰᠢᠷ᠎ᠠ ᠮᠠᠩᠭᠤᠰ ᠢ ᠲᠡᠶᠢᠲᠦᠵᠦ ᠬᠦᠭᠡᠭᠡᠭᠡᠳ ᠡᠨᠡ ᠵᠤ ᠲᠡᠭᠡᠷ᠎ᠡ ᠢᠷᠡᠭᠰᠡᠨ ᠳᠤ ᠤᠲᠠᠭᠠᠨ ᠵᠢᠯ ᠤᠨ ᠤᠪᠠᠲᠢᠰ ᠢ ᠤᠯᠤᠭᠰᠠᠨ ᠰᠢᠷ᠎ᠠ ᠮᠠᠩᠭᠤᠰ ᠲᠠᠯᠲᠠᠯᠠᠬᠤ ᠤᠪᠠᠲᠢᠰ ᠢᠶᠠᠷ ᠨᠢᠭᠤᠭᠲᠠᠭᠠᠳ ᠡᠷᠢᠵᠦ ᠤᠯᠲᠠᠬᠤ ᠦᠭᠡᠢ ᠬᠡᠲᠦᠨ ᠡᠲᠦᠷ ᠪᠤᠯᠤᠭᠰᠠᠨ ᠪᠠᠶᠢᠵᠠᠢ᠃ ᠨᠢᠬᠡ ᠡᠲᠦᠷ ᠭᠡᠰᠡᠷ ᠬᠠᠭᠠᠨ ᠰᠢᠷ᠎ᠠ ᠮᠠᠩᠭᠤᠰ ᠢ ᠡᠷᠢᠵᠦ ᠮᠤᠬᠤᠭᠠᠳ ᠦᠲᠡ ᠶᠢᠨ ᠬᠠᠯᠠᠭᠤᠨ ᠳᠤ ᠤᠮᠲᠠᠭᠠᠰᠬᠤ ᠳᠤ ᠪᠠᠨ ᠭᠤᠷᠪᠠᠨ ᠴᠢᠯᠠᠭᠤ ᠤᠴᠤᠭᠯᠠᠵᠤ ᠭᠡᠷ ᠤᠨ ᠴᠢᠨᠡᠭᠡᠨ ᠬᠦᠷᠡᠯ ᠲᠤᠭᠤᠭᠠᠨ ᠳᠤ ᠪᠠᠨ ᠰᠢᠷ᠎ᠠ ᠤᠯᠠᠭᠠᠨ ᠴᠠᠢ ᠪᠠᠨ ᠴᠢᠨᠠᠵᠤ ᠬᠦᠮᠦᠨ ᠤ ᠲᠤᠯᠤᠭᠠᠢ ᠶᠢᠨ ᠴᠢᠨᠡᠭᠡᠨ ᠬᠦᠷᠡᠯ ᠭᠠᠩᠰᠠ ᠳᠤ ᠪᠠᠨ ᠭᠠᠰᠢᠭᠤᠨ ᠰᠢᠷ᠎ᠠ ᠲᠠᠮᠠᠬᠢ ᠪᠠᠨ ᠨᠡᠷᠡᠵᠦ ᠰᠠᠭᠤᠭᠰᠠᠨ ᠪᠠᠶᠢᠵᠠᠢ᠃ ᠰᠢᠷ᠎ᠠ ᠮᠠᠩᠭᠤᠰ ᠠᠭᠰᠢᠭᠤᠨ ᠰᠢᠷ᠎ᠠ ᠴᠠᠢ ᠶᠢᠨ ᠬᠢᠨᠢ ᠦᠨᠦᠷ ᠲᠤ ᠰᠢᠨᠤᠬᠠᠶᠢᠷᠠᠵᠤ ᠭᠠᠰᠢᠭᠤᠨ ᠰᠢᠷ᠎ᠠ ᠲᠠᠮᠠᠬᠢᠨ ᠤ ᠬᠢᠨᠢ ᠤᠲᠤᠭᠠᠨ ᠳᠤ ᠰᠤᠭᠲᠤᠭᠤᠷᠠᠵᠤ ᠲᠠᠯᠲᠠᠯᠠᠬᠤ ᠤᠪᠠᠲᠢᠰ ᠢᠶᠠᠨ ᠲᠠᠶᠢᠯᠤᠭᠠᠳ ᠴᠠᠭᠠᠲᠤ ᠵᠤ ᠶᠢᠨ ᠠᠷᠤ ᠪᠠᠷ ᠮᠦᠯᠭᠦᠵᠦ ᠨᠠᠭᠠᠲᠤ ᠵᠤ ᠶᠢᠨ ᠡᠩᠭᠡᠷ ᠢᠶᠠᠷ ᠮᠢᠷᠢᠶᠠᠵᠤ ᠭᠡᠰᠡᠷ ᠪᠤᠭᠲᠠ ᠶᠢ ᠬᠡᠨᠡᠲᠡᠭᠦᠯᠬᠦ ᠪᠠᠷ ᠢᠷᠡᠭᠰᠡᠨ ᠪᠠᠶᠢᠵᠠᠢ᠃     ᠲᠠᠯᠲᠠᠯᠠᠪᠠᠴᠤ ᠲᠠᠯᠤ ᠨᠢ ᠢᠯᠨ᠂ ᠨᠢᠭᠤᠪᠠᠴᠤ ᠨᠢᠷᠤᠭᠤ ᠨᠢ ᠢᠯᠨ ᠭᠡᠭᠴᠢ ᠪᠠᠷ ᠭᠡᠰᠡᠷ ᠪᠤᠭᠲᠠ ᠬᠤᠪᠢᠯᠭᠠᠨ ᠨᠢᠲᠦᠨ ᠢᠶᠠᠷ ᠰᠢᠷ᠎ᠠ ᠮᠠᠩᠭᠤᠰ ᠤᠨ ᠡᠨᠡ ᠪᠦᠬᠦᠨ ᠢ ᠢᠪ ᠢᠯᠡᠭᠡᠨ ᠤᠯᠵᠤ ᠬᠠᠷᠠᠭᠠᠳ ᠠᠭᠤᠷ ᠬᠢᠯᠢᠩ ᠪᠠᠲᠠᠷᠠᠵᠤ ᠤᠴᠤᠭᠯᠠᠵᠤ ᠲᠠᠯᠪᠢᠭᠰᠠᠨ ᠲᠤᠭᠤᠭ᠎ᠠ ᠪᠠᠨ ᠢᠰᠭᠦᠯᠦᠨ ᠪᠢᠯᠢᠭ ᠤᠨ ᠭᠡᠭᠡᠷ ᠲᠤ ᠪᠠᠨ ᠮᠤᠷᠲᠠᠵᠤ ᠬᠦᠭᠡᠭᠡᠭᠰᠡᠨ ᠭᠡᠨ᠎ᠡ᠃ ᠡᠶᠢᠮᠦ ᠠᠴᠠ ᠶᠡᠬᠡᠨᠠᠭᠤᠷ ᠰᠤᠮᠤᠨ ᠤ ᠡᠨᠡ ᠭᠤᠷᠪᠠᠨ ᠱᠤᠷᠤᠩ ᠬᠠᠲᠠ ᠶᠢ ᠭᠡᠰᠡᠷ ᠤᠨ ᠲᠤᠯᠭ᠎ᠠ ᠶᠢᠨ ᠬᠠᠲᠠ ᠭᠡᠲᠡᠭ ᠭᠡᠨ᠎ᠡ᠃
 
ᠢᠷᠡᠯᠲᠡ᠄ ᠭᠡᠰᠡᠷ ᠤᠨ ᠲᠤᠤᠯᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号