ᠰᠢᠲᠠᠷ᠎ᠠ ᠶᠢᠨ ᠰᠢᠷᠡᠭᠡ
ᠨᠡᠶᠢᠲᠡᠯᠡᠭᠰᠡᠨ ᠴᠠᠭ᠄
2018/1/2
    ᠴᠠᠭᠠᠠᠨᠠᠭᠤᠷ ᠰᠤᠮᠤᠨ ᠤ ᠪᠠᠷᠠᠭᠤᠬᠠᠨ ᠶᠠᠪᠤᠭᠤᠯ ᠴᠠᠭᠠᠨ ᠮᠠᠩᠬᠠᠨ ᠲᠤᠮᠲᠠ ᠮᠤᠩᠭᠤᠯ ᠭᠡᠷ ᠤᠨ ᠰᠠᠭᠤᠷᠢ ᠬᠢᠷᠢᠲᠡᠢ ᠠᠯᠲᠠ ᠦᠨᠲᠦᠷ ᠰᠢᠷᠤᠢ ᠶᠢᠨ ᠬᠠᠷ᠎ᠠ ᠡᠷᠬᠢ ᠪᠠᠶᠢᠲᠠᠭ᠃ ᠡᠭᠦᠨ ᠢ ᠨᠤᠲᠤᠭ ᠤᠨ ᠬᠦᠮᠦᠰ ᠲᠦᠭᠦᠷᠢᠭ ᠬᠠᠷ᠎ᠠ ᠡᠷᠬᠢ ᠭᠡᠵᠡᠭᠡᠲᠡᠭ᠃ ᠡᠨᠡ ᠡᠷᠬᠢ ᠤᠲᠠᠭᠠᠨ ᠵᠢᠯ ᠤᠨ ᠰᠠᠯᠬᠢ ᠰᠢᠭᠤᠷᠭᠠᠨ ᠳᠤ ᠡᠰᠡ ᠢᠲᠡᠭᠲᠡᠨ᠂ ᠪᠤᠷᠤᠭᠠᠨ ᠬᠤᠷ᠎ᠠ ᠳᠤ ᠡᠰᠡ ᠤᠷᠤᠰᠤᠨ ᠬᠠᠲᠠ ᠰᠢᠬ ᠬᠠᠲᠠᠭᠤ ᠪᠠᠶᠢᠲᠠᠭ ᠲᠤᠬᠠᠢ ᠬᠦᠮᠦᠰ ᠭᠠᠶᠢᠬᠠᠰᠢ ᠲᠦᠷᠦᠲᠡᠭ᠃     ᠡᠷᠲᠡ ᠤᠷᠢᠲᠤ ᠶᠢᠨ ᠴᠠᠭ ᠲᠤ ᠡᠵᠡᠨ ᠭᠡᠰᠡᠷ ᠬᠠᠭᠠᠨ ᠤᠰᠤᠨ ᠤ ᠲᠤᠩᠭᠠᠯᠠᠭ᠂ ᠨᠤᠲᠤᠭ ᠤᠨ ᠰᠠᠶᠢᠬᠠᠨ ᠢ ᠰᠤᠩᠭᠤᠵᠤ ᠡᠨᠡ ᠭᠠᠵᠠᠷ ᠢ ᠦᠯᠵᠡᠢ ᠪᠤᠶᠠᠨ ᠢ ᠦᠭᠡᠲᠡ ᠪᠠᠨ ᠲᠠᠲᠠᠬᠤ ᠤᠷᠤᠨ ᠭᠡᠵᠦ ᠨᠤᠲᠤᠭᠯᠠᠭᠰᠠᠨ ᠭᠡᠨ᠎ᠡ᠃ ᠡᠵᠡᠨ ᠭᠡᠰᠡᠷ ᠬᠤᠨᠢ ᠮᠠᠯ ᠳᠤ ᠪᠠᠨ ᠶᠠᠪᠤᠵᠤ ᠡᠲᠦᠷ ᠤᠨ ᠤᠷᠲᠤ ᠶᠢ ᠭᠡᠭᠡᠷ᠎ᠡ ᠦᠩᠭᠡᠷᠡᠭᠡᠬᠦ ᠳᠤ ᠪᠠᠨ ᠮᠠᠯ ᠤᠨᠤᠭᠠᠨ ᠳᠤ ᠪᠠᠨ ᠶᠠᠪᠤᠵᠤ ᠪᠠᠶᠢᠭ᠎ᠠ ᠲᠠᠨᠢᠯ ᠲᠠᠰᠤᠯ ᠲᠠᠢ ᠪᠠᠨ ᠲᠠᠯ᠎ᠠ ᠶᠢᠨ ᠲᠤᠮᠲᠠ ᠰᠢᠷᠤᠢ ᠤᠪᠤᠭᠠᠯᠠᠵᠤ ᠰᠢᠷᠡᠭᠡ ᠪᠤᠯᠭᠠᠨ ᠰᠢᠲᠠᠷ᠎ᠠ ᠨᠠᠭᠠᠳᠲᠠᠭ ᠪᠠᠶᠢᠭᠰᠠᠨ ᠭᠡᠨ᠎ᠡ᠃ ᠡᠨᠡ ᠲᠦᠭᠦᠷᠢᠭ ᠬᠠᠷ᠎ᠠ ᠡᠷᠬᠢ ᠢᠩᠬᠢᠵᠦ ᠪᠦᠲᠦᠭᠰᠡᠨ ᠤ ᠤᠴᠢᠷ ᠠᠴᠠ ᠡᠲᠦᠭᠡ ᠪᠤᠯᠲᠠᠯ᠎ᠠ ᠡᠭᠡᠷᠡᠮ᠎ᠡ ᠲᠠᠯ᠎ᠠ ᠶᠢᠨ ᠡᠯᠡᠰᠦ ᠮᠠᠩᠬᠠᠨ ᠲᠤᠮᠲᠠ ᠡᠮᠲᠡᠷᠡᠵᠦ ᠢᠲᠡᠭᠲᠡᠬᠦ ᠦᠭᠡᠢ ᠪᠠᠷ ᠪᠠᠶᠢᠭᠰᠠᠭᠠᠷ ᠭᠡᠨ᠎ᠡ᠃  
 
ᠢᠷᠡᠯᠲᠡ᠄ ᠭᠡᠰᠡᠷ ᠤᠨ ᠲᠤᠤᠯᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号