| | ᠡᠷᠲᠡ ᠦᠶ᠎ᠡ ᠠᠴᠠ ᠡᠨᠡ ᠬᠤᠸᠠ ᠶᠢᠨ ᠤᠷᠤᠢ ᠳᠤ ᠨᠢᠭᠡᠨ ᠪᠢᠴᠢᠬᠠᠨ ᠰᠦᠮ᠎ᠡ ᠪᠠᠶᠢᠵᠠᠢ᠂ ᠬᠦᠮᠦᠰ ᠲᠡᠭᠦᠨ ᠢ | ᠭᠡᠰᠡᠷ ᠤᠨ ᠰᠦᠮ᠎ᠡ ᠭᠡᠳᠡᠭ ᠪᠢᠯᠡ᠃ ᠰᠦᠮ᠎ᠡ ᠶᠢᠨ ᠳᠤᠳᠤᠷ᠎ᠠ ᠨᠤᠭᠤᠭᠠᠨ ᠨᠤᠯᠤᠮ ᠤᠨ ᠳᠡᠪᠡᠯ ᠲᠠᠢ ᠪᠢᠯᠢᠭ ᠤᠨ | ᠬᠡᠭᠡᠷ ᠮᠤᠷᠢ ᠲᠠᠢ ᠭᠡᠰᠡᠷ ᠪᠤᠭᠲᠠ ᠪᠠ ᠨᠠᠨᠴᠤᠩ᠂ ᠱᠤᠤᠮᠠᠷ ᠭᠡᠬᠦ ᠬᠠᠷ᠎ᠠ ᠴᠠᠭᠠᠨ ᠴᠢᠷᠠᠶᠢᠲᠤ ᠬᠤᠶᠠᠷ ᠪᠠᠭᠠᠲᠤᠷ ᠤᠨ | ᠬᠢᠨᠢ ᠬᠦᠷᠦᠭ ᠢ ᠰᠢᠪᠠᠷ ᠢᠶᠠᠷ ᠪᠦᠲᠦᠭᠡᠵᠤ ᠲᠠᠬᠢᠵᠤ ᠪᠠᠶᠢᠭᠰᠠᠨ ᠭᠡᠵᠤ ᠨᠤᠲᠤᠭ ᠤᠨ ᠨᠠᠰᠤᠲᠠᠶᠢᠴᠤᠳ ᠶᠠᠷᠢᠳᠠᠭ ᠶᠤᠮ | ᠃ | ᠡᠨᠡ ᠰᠦᠮ᠎ᠡ ᠶᠢ ᠪᠠᠶᠢᠭᠤᠯᠤᠭᠰᠠᠨ ᠲᠤᠬᠠᠢ ᠲᠠᠢ ᠠᠳᠠᠯᠢ ᠪᠤᠰᠤ ᠶᠠᠩᠵᠤ ᠶᠢᠨ ᠶᠠᠷᠢᠶ᠎ᠠ ᠬᠡᠯᠡᠯᠴᠡᠭᠡ ᠪᠠᠶᠢᠳᠠᠭ᠃ | ᠵᠠᠷᠢᠮ ᠨᠢ ᠪᠠᠭᠠᠷᠢᠨ ᠤ ᠵᠠᠩᠵᠤᠨ ᠲᠠᠶᠠ ᠸᠠᠩ ᠪᠠᠲᠤ ᠤᠯᠢᠶᠠᠰᠤᠲᠠᠢ ᠰᠦᠪᠡ ᠶᠢ ᠳᠠᠭᠠᠭᠠᠭᠰᠠᠨ ᠶᠡᠭᠡ ᠵᠠᠩᠵᠤᠨ ᠢᠶᠠᠷ | ᠶᠠᠪᠤᠬᠤ ᠦᠶ᠎ᠡ ᠳᠤ ᠡᠨᠡ ᠪᠦᠳᠦᠭᠦᠨᠬᠤᠸᠠ ᠶᠢᠨ ᠤᠷᠤᠢ ᠳᠡᠭᠡᠷ᠎ᠡ ᠮᠤᠷᠢ ᠨᠢ ᠰᠢᠯᠭᠡᠭᠡᠳ ᠵᠤᠭᠰᠤᠭᠰᠠᠨ ᠭᠡᠨ᠎ᠡ᠃ | ᠲᠡᠭᠡᠭᠡᠳ ᠲᠠᠶᠠ ᠸᠠᠩ ︽ᠠᠳᠡ ᠭᠡᠰᠡᠷ ᠪᠤᠭᠲᠠ ᠶᠢᠨ ᠰᠦᠮ᠎ᠡ ᠶᠢ ᠪᠠᠶᠢᠭᠤᠯᠵᠤ ᠬᠦᠷᠦᠭ ᠢ ᠨᠢ ᠪᠤᠰᠬᠠᠵᠤ ᠲᠡᠬᠢᠬᠤ | ᠬᠡᠷᠡᠭᠲᠡᠢ︾ ᠭᠡᠵᠤ ᠵᠠᠷᠯᠢᠭᠳᠠᠵᠤ ᠪᠠᠶᠢᠭᠤᠯᠤᠭᠰᠠᠨ ᠭᠡᠳᠡᠭ᠃ | ᠡᠨᠡ ᠰᠦᠮ᠎ᠡ ᠶᠢᠨ ᠲᠤᠬᠠᠢ ᠲᠠᠢ ᠤᠳᠤ ᠨᠢᠭᠡ ᠵᠦᠢᠯ ᠤᠨ ᠶᠠᠷᠢᠶ᠎ᠠ ᠭᠡᠪᠡᠯ ᠭᠡᠰᠡᠷ ᠪᠤᠭᠲᠠ ᠠᠰᠬᠠᠨ | ᠠᠭᠤᠯᠠ ᠶᠢᠨ ᠤᠷᠤᠢ ᠶᠢ ᠰᠡᠳᠡ ᠬᠠᠷᠪᠤᠵᠤ ᠵᠢᠷᠭᠠᠯᠠᠩᠲᠤ ᠬᠠᠳᠠ ᠡᠨᠡ ᠨᠤᠲᠤᠭ ᠲᠤ ᠲᠤᠰᠤᠭᠰᠠᠨ ᠠᠴᠠ ᠬᠤᠶᠢᠰᠢ | ᠬᠤᠷ᠎ᠠ ᠪᠤᠷᠤᠭᠠᠨ ᠲᠡᠭᠰᠢᠷᠡᠵᠤ ᠤᠰᠤ ᠪᠤᠯᠠᠭ ᠤᠨᠳᠤᠷᠴᠤ ᠡᠪᠡᠰᠤ ᠪᠡᠯᠴᠢᠭᠡᠷ ᠰᠠᠬᠤᠯᠢᠭ ᠤᠷᠭᠤᠨ ᠬᠦᠮᠦᠨ ᠮᠠᠯ ᠳᠤ | ᠡᠪᠡᠳᠴᠢᠨ ᠬᠢᠵᠢᠭ ᠲᠤᠰᠬᠤ ᠦᠭᠡᠢ ᠪᠤᠯᠤᠭᠰᠠᠨ ᠤᠴᠢᠷ ᠲᠤ ᠠᠳᠡᠬᠢ ᠮᠠᠯᠴᠢᠳ ᠭᠡᠰᠡᠷ ᠪᠤᠭᠳᠠ ᠳᠤ ᠰᠦᠰᠦᠭ | ᠪᠢᠰᠢᠷᠡᠯ ᠲᠦᠷᠦᠵᠤ ᠡᠨᠡ ᠰᠦᠮ᠎ᠡ ᠶᠢ ᠪᠦᠲᠦᠭᠡᠨ ᠲᠠᠬᠢᠯᠭ᠎ᠠ ᠡᠷᠭᠦᠭᠦ ᠪᠤᠯᠤᠭᠰᠠᠨ ᠭᠡᠳᠡᠭ᠃ | ᠪᠠᠰᠠ ᠵᠠᠷᠢᠮ ᠤᠨ ᠬᠢᠨᠢ ᠬᠡᠯᠡᠬᠦ ᠪᠠᠷ ᠬᠡᠰᠡᠷ ᠪᠤᠭᠳᠡ ᠮᠠᠩᠭᠤᠰ ᠢ ᠳᠠᠷᠤᠵᠤ ᠶᠠᠪᠤᠬᠤ ᠳᠤ ᠪᠠᠨ ᠡᠨ᠋ᠨ ᠬᠤᠸ᠋ᠨ ᠶᠢᠨ | ᠤᠷᠤᠢ ᠳᠡᠬᠡᠷ᠎ᠠ ᠦᠳᠡᠯᠡᠬᠡᠳ ᠭᠠᠷᠤᠭᠰᠠᠨ ᠪᠤᠯᠬᠤᠷ ᠦᠳᠡ ᠶᠢᠨ ᠪᠠᠭᠤᠴᠠ ᠭᠡᠵᠤ ᠳᠤᠷᠡᠰᠬᠠᠨ ᠰᠦᠮ᠎ᠠ ᠪᠠᠶᠢᠭᠤᠯᠵᠤ | ᠬᠡᠰᠡᠷ ᠪᠤᠭᠳᠡ ᠶᠢᠨ ᠬᠦᠷᠦᠭ ᠢ ᠰᠢᠲᠦᠵᠦ ᠬᠡᠨ᠎ᠠ᠃ | ᠬᠡᠰᠡᠷ ᠤᠨ ᠰᠦᠮ᠎ᠠ ᠨᠢ ᠪᠠᠭᠠᠷᠢᠨ ᠤ ᠪᠠᠷᠡᠭᠤᠨ ᠬᠦᠬᠡ ᠬᠡᠷ ᠰᠦᠮ᠎ᠠ ᠳᠤ ᠬᠠᠷᠢᠶᠠᠯᠠᠭᠲᠠᠵᠤ ᠪᠠᠶᠢᠭᠰᠠᠨ ᠭᠡᠨ᠎ᠡ᠃ | ᠬᠦᠭᠡ ᠭᠡᠷ ᠰᠦᠮ᠎ᠡ ᠠᠴᠠ ᠨᠢᠭᠡᠨ ᠲᠤᠭᠠᠩ ᠤᠨ ᠯᠠᠮᠨ ᠶᠢ ᠠᠳᠡ ᠪᠠᠶᠢᠩᠭᠤ ᠰᠠᠭᠤᠯᠭᠠᠵᠤ ᠬᠦᠵᠢ ᠵᠤᠯᠨ ᠠᠰᠠᠭᠠᠨ | ᠬᠦᠷᠢᠶ᠎ᠡ ᠬᠠᠰᠢᠶ᠎ᠠ ᠴᠡᠪᠡᠷᠯᠡᠭᠦᠯᠵᠦ ᠪᠠᠶᠢᠭᠰᠠᠨ ᠭᠡᠨ᠎ᠡ᠃ ᠲᠤᠰ ᠰᠦᠮ᠎ᠡ ᠳᠤ ᠤᠩᠰᠢᠯᠭ᠎ᠠ ᠬᠦᠷᠢᠮ ᠬᠢᠲᠡᠭ ᠦᠭᠡᠢ᠂ | ᠮᠠᠯᠴᠢᠳ ᠭᠡᠰᠡᠷ ᠤᠨ ᠰᠦᠮ᠎ᠡ ᠶᠢᠨ ᠮᠠᠮᠠ ᠶᠢ ᠬᠦᠨᠲᠦᠳᠭᠡᠨ ᠵᠤᠯᠨ ᠶᠢᠨ ᠲᠤᠰᠤ᠂ ᠴᠠᠢ ᠶᠢᠨ ᠰᠦ ᠵᠡᠷᠭᠡ ᠴᠠᠭᠠᠨ | ᠢᠲᠡᠭᠡ ᠬᠦᠷᠭᠡᠲᠡᠭ ᠪᠠᠶᠢᠵᠠᠢ᠃ ᠭᠡᠰᠡᠷ ᠤᠨ ᠰᠦᠮ᠎ᠡ ᠶᠢᠨ ᠬᠠᠮᠤᠭ ᠰᠡᠭᠦᠯᠴᠢ ᠶᠢᠨ ᠲᠠᠬᠢᠯ ᠤᠨ ᠮᠠᠮᠠ ᠵᠠᠩᠴᠤᠪᠲᠤᠷᠵᠢ | ᠭᠡᠬᠦ ᠨᠠᠰᠤᠲᠠᠨ ᠲᠤᠰ ᠵᠠᠭᠤᠨ ᠤ ᠲᠠᠯᠠᠭᠠᠳ ᠤᠨ ᠤ ᠦᠶ᠎ᠡ ᠳᠤ ᠨᠠᠰᠤ ᠪᠠᠷᠠᠭᠰᠠᠨ ᠭᠡᠨ᠎ᠡ᠃ | ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠭᠡᠰᠡᠷ ᠤᠨ ᠪᠢᠯᠢᠭ ᠤᠨ | ᠭᠡᠭᠡᠷ ᠤᠬᠢᠶᠠᠬᠤ ᠡᠲᠦᠷ ᠤᠶᠢᠷ᠎ᠠ ᠤᠷᠴᠢᠮ ᠤᠨ ᠤᠯᠠᠨ ᠲᠦᠮᠡᠨ ᠤ ᠶᠡᠭᠡ ᠴᠤᠭᠯᠠᠭᠠᠨ ᠪᠤᠯᠵᠤ ᠭᠡᠰᠡᠷ ᠤᠨ ᠲᠠᠬᠢᠯ | ᠲᠠᠯᠪᠢᠨ ᠰᠢᠲᠦᠨ ᠮᠦᠷᠭᠦᠵᠦ ᠰᠦᠵᠢᠭ ᠢᠶᠠᠨ ᠬᠦᠢᠴᠡᠳᠭᠡᠲᠡᠭ ᠪᠠᠶᠢᠵᠠᠢ᠃ ᠭᠡᠰᠡᠷ ᠤᠨ ᠰᠦᠮ᠎ᠡ ᠶᠢ ︽ᠰᠤᠶᠤᠯ ᠤᠨ | ᠶᠡᠭᠡ ᠬᠤᠪᠢᠰᠬᠠᠯ︾ ᠤᠨ ᠰᠠᠯᠬᠢ ᠰᠢᠭᠤᠷᠭᠠᠨ ᠲᠤᠮᠲᠠ ᠲᠠᠮᠲᠤᠭ ᠦᠭᠡᠢ ᠪᠤᠯᠲᠠᠯ᠎ᠠ ᠰᠦᠢᠳᠭᠡᠨ ᠨᠤᠷᠠᠭᠠᠵᠠᠢ᠃ | ᠭᠡᠰᠡᠷ ᠤᠨ ᠠᠵᠢᠯ ᠪᠦᠬᠦ ᠤᠯᠤᠰ ᠪᠦᠬᠦ ᠤᠷᠤᠨ ᠲᠠᠶᠠᠭᠠᠷ ᠨᠡᠶᠢᠲᠡᠮ ᠦᠷᠨᠢᠵᠦ ︽6 · 5︾᠂ ︽7 · 5︾᠂ ︽ | 8 · 5︾ ᠳ᠋ᠤᠭᠠᠷ ᠲᠠᠪᠤᠨ ᠵᠢᠯ ᠤᠨ ᠲᠦᠯᠦᠪᠯᠡᠭᠡᠨ ᠤ ᠬᠤᠭᠤᠴᠠᠭᠠᠨ ᠳᠤ ᠵᠠᠯᠭᠠᠯᠲᠤᠪᠡᠷ ᠪᠦᠬᠦ ᠤᠯᠤᠰ ᠤᠨ ᠡᠷᠲᠡᠮ | ᠰᠢᠨᠵᠢᠯᠡᠭᠡᠨ ᠤ ᠭᠤᠤᠯᠲᠠᠯᠭᠠᠲᠤ ᠰᠤᠲᠤᠯᠭᠠᠨ ᠤ ᠰᠡᠲᠦᠪ ᠲᠤ ᠤᠷᠤᠭᠰᠠᠨ ᠬᠤᠶᠢᠨ᠎ᠠ ᠭᠡᠲᠦ ᠬᠡᠲᠦᠨ ᠤᠲᠠᠭᠠᠨ ᠤ | ᠪᠦᠬᠦ ᠤᠯᠤᠰ ᠪᠠ ᠤᠯᠠᠨ ᠤᠯᠤᠰ ᠤᠨ ᠡᠷᠲᠡᠮ ᠰᠢᠨᠵᠢᠯᠡᠭᠡᠨ ᠤ ᠬᠤᠷᠠᠯ ᠬᠢᠭᠰᠡᠨ ᠳᠤ ᠭᠠᠲᠠᠭᠠᠲᠤ ᠲᠤᠲᠤᠭᠠᠲᠤ ᠶᠢᠨ | ᠤᠯᠠᠨ ᠡᠷᠲᠡᠮᠲᠡᠳ ᠤᠨ ᠲᠠᠯᠪᠢᠭᠰᠠᠨ ᠭᠡᠰᠡᠷ ᠤᠨ ᠨᠤᠲᠤᠭ ᠬᠡᠮᠡᠨ ᠡᠷᠭᠦᠮᠵᠢᠯᠡᠭᠲᠡᠭᠰᠡᠨ ᠪᠠᠭᠠᠷᠢᠨ ᠤ ᠭᠡᠰᠡᠷ ᠤᠨ | ᠰᠦᠮ᠎ᠡ ᠶᠢ ᠲᠠᠬᠢᠨ ᠰᠡᠷᠭᠦᠭᠡᠨ ᠪᠠᠶᠢᠭᠤᠯᠬᠤ ᠬᠦᠰᠡᠯ ᠰᠠᠨᠠᠭᠤᠯᠭ᠎ᠠ ᠶᠢ ᠦᠨᠳᠦᠰᠦᠯᠡᠨ᠂ ᠦᠪᠦᠷ ᠮᠤᠩᠭᠤᠯ ᠤᠨ | ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠳᠬ᠎ᠠ ᠵᠤᠬᠢᠶᠠᠯ ᠰᠤᠲᠤᠯᠬᠤ ᠭᠠᠵᠠᠷ ᠤᠨ ᠵᠠᠬᠢᠷᠤᠯ᠂ | ᠦᠪᠡᠷᠲᠡᠭᠡᠨ ᠵᠠᠰᠠᠬᠤ ᠤᠷᠤᠨ ᠤ ᠭᠡᠰᠡᠷ ᠤᠨ ᠠᠵᠢᠯ ᠤᠨ ᠤᠲᠤᠷᠢᠳᠬᠤ ᠲᠤᠭᠤᠶᠢᠯᠠᠩ ᠤᠨ ᠪᠠᠶᠢᠩᠭᠤ ᠶᠢᠨ | ᠤᠷᠤᠯᠠᠭᠴᠢ ᠲᠠᠷᠤᠭ᠎ᠠ ᠰᠤᠳᠨᠠᠮᠷᠠᠪᠲᠠᠨ ᠫᠷᠤᠹᠧᠰᠰᠤᠷ ᠤᠨ ᠵᠤᠬᠢᠴᠠᠭᠤᠯᠤᠯ ᠵᠢᠯᠤᠭᠤᠲᠤᠯᠭ᠎ᠠ ᠲᠠᠢ ᠪᠠᠷ ᠤᠯᠠᠭᠠᠠᠬᠠᠳᠠ | ᠬᠤᠲᠠ᠂ ᠪᠠᠭᠠᠷᠢᠨ ᠪᠠᠷᠠᠭᠤᠨ ᠬᠤᠰᠢᠭᠤᠨ ᠤ ᠬᠤᠯᠪᠤᠭᠲᠠᠯ ᠪᠦᠬᠦᠢ ᠪᠠᠶᠢᠭᠤᠯᠭ᠎ᠠ ᠪᠠ ᠬᠤᠪᠢ ᠬᠦᠮᠦᠨ᠂ ᠰᠢᠪᠠᠷᠲᠠᠢ | ᠰᠤᠮᠤᠨ ᠤ ᠨᠠᠮ ᠵᠠᠰᠠᠭ ᠨᠢᠭᠲᠠ ᠬᠠᠮᠵᠢᠯᠴᠠᠵᠤ 1993 ᠤᠨ ᠤ ᠬᠠᠯᠠᠭᠤᠨ ᠵᠤᠨ ᠤ ᠤᠯᠠᠷᠢᠯ ᠳᠤ ᠭᠡᠰᠡᠷ ᠤᠨ | ᠰᠦᠮ᠎ᠡ ᠶᠢ ᠪᠠᠭ᠋ᠠᠨ ᠪᠤᠯᠠᠭ ᠤᠨ ᠡᠬᠢᠨ ᠲᠡᠭᠡᠷ᠎ᠡ ᠲᠠᠬᠢᠨ ᠰᠡᠷᠭᠦᠭᠡᠨ ᠪᠠᠶᠢᠭᠤᠯᠤᠭᠰᠠᠨ ᠪᠢᠯᠨ᠃ ᠲᠡᠭᠡᠭᠡᠳ ᠵᠢᠯ | ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠬᠤᠷᠢᠨ ᠲᠦᠷᠪᠡᠨ ᠤ ᠪᠠᠭᠠᠷᠢᠨ ᠸᠠᠩ ᠤᠨ | ᠲᠠᠬᠢᠯᠭ᠎ᠠ ᠶᠢᠨ ᠡᠲᠦᠷ ᠢᠶᠠᠷ ᠤᠯᠠᠨ ᠲᠦᠮᠡᠨ ᠤ ᠲᠠᠬᠢᠯᠭ᠎ᠠ ᠶᠢᠨ ᠡᠲᠦᠷ ᠪᠤᠯᠭᠠᠵᠤ ᠨᠠᠶᠢᠷ ᠨᠠᠭᠠᠲᠤᠮ ᠡᠭᠦᠰᠭᠡᠨ ᠬᠡᠰᠡᠷ | ᠰᠤᠶᠤᠯ ᠤᠨ ᠤᠲᠤᠮᠰᠢᠯᠲᠤ ᠠᠵᠢᠯᠯᠠᠭ᠎ᠠ ᠦᠷᠨᠢᠭᠦᠯᠬᠦ ᠪᠤᠯᠵᠠᠢ᠃ ᠡᠨᠡ ᠭᠠᠵᠠᠷ ᠢ ︽ᠭᠡᠰᠡᠷ ᠪᠤᠭᠲᠠ ᠶᠢᠨ ᠰᠦᠮ᠎ᠡ︾ | ᠮᠦᠷᠲᠡᠭᠡᠨ ︽ᠭᠡᠰᠡᠷ ᠰᠤᠶᠤᠯ ᠤᠨ ᠲᠦᠪ︾ ᠬᠡᠮᠡᠨ ᠨᠡᠷᠡᠶᠢᠳᠴᠤ ᠭᠤᠤᠯᠴᠢᠯᠠᠨ ᠭᠡᠰᠡᠷ ᠰᠤᠶᠤᠯ ᠢ ᠴᠢᠨᠠᠭᠰᠢᠲᠠ | ᠬᠦᠭᠵᠢᠶᠡᠨ ᠪᠠᠲᠠᠷᠠᠭᠤᠯᠬᠤ ᠪᠠᠷ ᠵᠤᠷᠢᠯᠭ᠎ᠠ ᠪᠤᠯᠭᠠᠵᠠᠢ᠃ |