ᠵᠢᠷᠭᠠᠯᠠᠩᠲᠦ ᠬᠠᠳᠡ
ᠨᠡᠶᠢᠲᠡᠯᠡᠭᠰᠡᠨ ᠴᠠᠭ᠄
2018/1/2
    ᠬᠡᠰᠡᠷ ᠪᠤᠭᠳᠡ ᠶᠢᠨ ᠬᠤᠪᠢᠯᠭᠠᠨ ᠰᠤᠮᠤᠨ ᠳᠤ ᠠᠰᠬᠠᠨ ᠠᠭᠤᠯᠨ ᠶᠢᠨ ᠤᠷᠤᠢ ᠰᠡᠳᠡ ᠳᠠᠭᠠᠷᠢᠭᠳᠠᠵᠤ ᠳᠠᠷᠨ ᠰᠡᠳᠡᠷᠬᠡᠢ ᠶᠢᠨ ᠬᠠᠳᠡ ᠬᠠᠯᠢᠵᠤ ᠪᠠᠷᠡᠭᠤᠨ ᠬᠤᠶᠢᠰᠢ ᠭᠤᠴᠢᠭᠠᠳ ᠭᠠᠵᠠᠷ ᠵᠠᠶᠢᠳᠡᠢ ᠰᠢᠪᠡᠷᠳᠡᠢ ᠶᠢᠨ ᠭᠤᠤᠯ ᠤᠨ ᠳᠡᠡᠵᠢᠨ ᠳᠤ ᠳᠤᠰᠤᠭᠰᠠᠨ ᠬᠡᠨ᠎ᠠ᠃ ᠳᠡᠬᠡᠬᠦ ᠳᠤ ᠳᠠᠷᠨ ᠬᠠᠳᠡᠨ ᠤ ᠬᠠᠭᠠᠷᠬᠠᠢ ᠬᠡᠮᠭᠡᠳᠡᠭ ᠬᠡᠰᠡᠭ ᠤᠳ ᠨᠢ ᠵᠡᠮ ᠵᠠᠭᠤᠷ᠎ᠠ ᠪᠠᠨ ᠴᠤᠪᠤᠷᠡᠨ ᠤᠨᠠᠭᠰᠠᠨ ᠬᠡᠨ᠎ᠠ᠃ ᠰᠢᠪᠡᠷᠳᠡᠢ ᠶᠢᠨ ᠭᠤᠤᠯ ᠠᠴᠠ ᠠᠰᠬᠠᠨ ᠠᠭᠤᠯᠨ ᠬᠦᠷᠳᠡᠯ᠎ᠠ ᠵᠤ ᠳᠡᠯ᠎ᠠ ᠶᠢᠨ ᠳᠤᠮᠳᠡ ᠶᠡᠭᠡ ᠪᠠᠭ᠎ᠠ ᠨᠢ ᠳᠡᠩᠴᠡᠬᠦᠤ ᠪᠤᠰᠤ ᠤᠯᠠᠨ ᠬᠠᠳᠡ ᠴᠤᠪᠤᠷᠡᠨ ᠪᠠᠶᠢᠭ᠎ᠠ ᠨᠢ ᠡᠨ᠋ᠨ ᠤᠴᠢᠷ ᠠᠴᠠ ᠪᠤᠯᠤᠭᠰᠠᠨ ᠬᠡᠨ᠎ᠠ᠃     ᠰᠢᠪᠡᠷᠳᠡᠢ ᠶᠢᠨ ᠭᠤᠤᠯ ᠤᠨ ᠳᠡᠡᠵᠢᠨ ᠳᠤ ᠬᠢ ᠡᠨ᠋ᠨ ᠬᠠᠳᠡ ᠶᠢ ᠵᠢᠷᠭᠠᠯᠠᠩᠲᠦ ᠬᠠᠳᠡ ᠬᠡᠨ᠎ᠠ᠃ ᠡᠷᠬᠢᠨ ᠳᠤᠭᠤᠷᠢᠨ ᠳᠤ ᠨᠢ ᠢᠷᠪᠢᠬᠢᠨᠡᠨ ᠤᠡᠳᠤᠷᠴᠤ ᠪᠠᠶᠢᠭ᠎ᠠ ᠠᠷᠪᠠᠭᠠᠳ ᠪᠤᠯᠠᠭ ᠢ ᠵᠢᠷᠭᠠᠯᠠᠩᠲᠦ ᠪᠤᠯᠠᠭ ᠬᠡᠨ᠎ᠠ᠃ ᠵᠢᠷᠭᠠᠯᠠᠩᠲᠦ ᠬᠠᠳᠡ ᠪᠤᠯ ᠠᠷᠪᠠᠨ ᠬᠠᠨᠠᠲᠦ ᠳᠤᠮᠤ ᠮᠤᠩᠭᠤᠯ ᠬᠡᠷ ᠠᠴᠠ ᠪᠠᠰᠠ ᠶᠡᠭᠡ ᠭᠠᠭᠴᠠ ᠰᠠᠶᠢᠬᠠᠨ ᠬᠦᠯᠢᠬᠡᠷ ᠬᠠᠳᠡ ᠶᠤᠮ᠃ ᠬᠡᠢ ᠮᠤᠷᠢ ᠬᠡᠰᠢᠭ ᠪᠤᠶᠠᠨ ᠳᠠᠷᠢᠭᠰᠠᠨ ᠦᠯᠵᠡᠶᠢᠲᠦ ᠬᠠᠳᠡ ᠭᠡᠵᠤ ᠨᠤᠳᠤᠭ ᠤᠨ ᠮᠠᠯᠴᠢᠳ ᠰᠠᠩ ᠬᠦᠵᠢ ᠤᠩᠭᠤᠰᠬᠠᠵᠤ ᠰᠠᠶᠢᠨ ᠰᠠᠶᠢᠬᠠᠨ ᠢᠶᠠᠨ ᠳᠡᠭᠠᠳᠬᠠᠵᠤ ᠪᠠᠶᠢᠭᠰᠠᠨ ᠳᠡᠤᠬᠡ ᠲᠠᠢ᠃ ︽ᠰᠤᠶᠤᠯ ᠤᠨ ᠶᠡᠭᠡ ᠬᠤᠪᠢᠰᠬᠠᠯ︾ ᠤᠨ ᠦᠶ᠎ᠠ ᠳᠤ ᠮᠤᠬᠤᠷ ᠰᠦᠰᠦᠭ ᠢ ᠡᠪᠳᠡᠬᠦ ᠭᠡᠵᠤ ᠡᠨ᠋ᠨ ᠬᠠᠳᠡ ᠶᠢ ᠳᠡᠯᠪᠡᠴᠢᠵᠤ ᠬᠠᠶᠠᠭᠰᠠᠨ ᠠᠴᠠ ᠬᠤᠶᠢᠰᠢ ᠡᠨ᠋ᠨ ᠠᠵᠢᠯ ᠨᠢᠬᠡᠨ ᠦᠶ᠎ᠠ ᠵᠤᠭᠰᠤᠭᠰᠠᠨ ᠪᠤᠯᠪᠠᠴᠤ ᠡᠨ᠋ᠨ ᠬᠠᠳᠡ ᠶᠢ ᠨᠤᠳᠤᠭ ᠤᠰᠤᠨ ᠤ ᠪᠠᠨ ᠳᠡᠭᠵᠢᠷᠡᠯ᠂ ᠠᠶᠢᠯ ᠬᠤᠳᠡ ᠶᠢᠨ ᠢᠶᠠᠨ ᠪᠡᠯᠬᠡ ᠳᠡᠮᠪᠡᠷᠢᠯ ᠬᠡᠰᠡᠨ ᠡᠪᠦᠭᠡ ᠳᠡᠬᠡᠲᠦᠰ ᠤᠨ ᠦᠶ᠎ᠠ ᠠᠴᠠ ᠦᠶ᠎ᠠ ᠤᠯᠠᠮᠵᠢᠯᠠᠭᠰᠠᠨ ᠵᠠᠩ ᠵᠠᠩᠰᠢᠯ ᠨᠢ ᠨᠤᠳᠤᠭ ᠤᠨ ᠠᠷᠡᠳ ᠢᠷᠬᠡᠳ ᠤᠨ ᠤᠢ ᠪᠢᠯᠢᠭ ᠲᠤ ᠬᠦᠨ ᠰᠠᠭᠤᠭᠳᠠᠭᠰᠠᠨ ᠤᠴᠢᠷ ᠠᠴᠠ ᠬᠤᠵᠢᠮ ᠨᠢ ᠮᠠᠯᠴᠢᠳ ᠳᠡᠯᠪᠡᠴᠢᠵᠤ ᠬᠠᠶᠠᠭᠰᠠᠨ ᠵᠢᠷᠭᠠᠯᠠᠩᠲᠦ ᠬᠠᠳᠡᠨ ᠤ ᠬᠠᠭᠠᠷᠬᠠᠢ ᠬᠡᠰᠡᠭ ᠤᠳ ᠢ ᠨᠢ ᠴᠤᠭᠯᠠᠭᠤᠯᠵᠤ ᠳᠡᠬᠢᠨ ᠵᠡᠷᠬᠡᠯᠡᠨ ᠤᠪᠤᠭᠠᠯᠠᠵᠤ ᠠᠶᠢᠯ ᠬᠤᠳᠡ ᠶᠢᠨ ᠪᠠᠳᠠᠷᠡᠯ ᠳᠡᠭᠵᠢᠷᠡᠯ᠂ ᠠᠳᠤᠭᠤ ᠮᠠᠯ ᠤᠨ ᠢᠶᠠᠨ ᠳᠠᠩᠰᠤᠭ ᠪᠠᠶᠠᠨ ᠢ ᠳᠡᠭᠠᠳᠬᠠᠬᠤ ᠪᠤᠯᠤᠭᠰᠠᠨ ᠬᠡᠨ᠎ᠠ᠃     ᠵᠢᠷᠭᠠᠯᠠᠩᠲᠦ ᠬᠠᠳᠡ ᠭᠠᠵᠠᠷ ᠳᠤᠰᠬᠤ ᠶᠢᠨ ᠳᠠᠷᠨ ᠬᠦ ᠠᠭᠱᠠᠨ ᠳᠤ ᠡᠬᠡ ᠳᠡᠯᠡᠬᠡᠢ ᠨᠡᠶᠢᠳᠡᠮ ᠳᠤᠷᠬᠢᠵᠤ ᠳᠡᠷᠨ ᠳᠤᠰᠤᠭᠰᠠᠨ ᠭᠠᠵᠠᠷ ᠨᠢ ᠯᠤᠤᠰ ᠤᠨ ᠤᠷᠳᠤᠨ ᠬᠦᠷᠳᠡᠯ᠎ᠠ ᠠᠩ ᠭᠠᠷᠤᠭᠠᠳ ᠠᠷᠪᠠᠭᠠᠳ ᠪᠤᠯᠠᠭ ᠤᠷᠬᠢᠯᠤᠭᠰᠠᠨ ᠬᠡᠨ᠎ᠠ᠃ ᠯᠤᠤᠰ ᠤᠨ ᠤᠷᠳᠤᠨ ᠠᠴᠠ ᠡᠬᠢ ᠠᠪᠤᠭᠰᠠᠨ ᠪᠤᠯᠠᠭ ᠪᠤᠯᠬᠤᠷ ᠳᠡᠬᠦᠨ ᠤ ᠤᠰᠤ ᠨᠢ ᠵᠤᠨ ᠤ ᠭᠤᠤᠯ ᠤᠨ ᠰᠢᠳᠡᠮ᠎ᠠ ᠬᠠᠯᠠᠭᠤᠨ ᠡᠲᠦᠷ ᠴᠦ ᠤᠭᠤᠴᠢᠵᠤ ᠶᠠᠳᠡᠮ᠎ᠠ ᠶᠠᠩᠬᠢᠨᠠᠮ᠎ᠠ ᠬᠦᠢᠳᠡᠨ ᠪᠠᠶᠢᠳᠠᠭ ᠬᠡᠨ᠎ᠠ᠃     ᠡᠳᠡᠬᠡᠷ ᠪᠤᠯᠠᠭ ᠨᠢ ᠬᠦᠮᠤᠨ ᠮᠠᠯ ᠳᠤ ᠤᠮᠳᠡ ᠪᠤᠯᠵᠤ ᠬᠦᠷᠦᠰᠦ ᠰᠢᠷᠤᠢ ᠳᠤ ᠰᠢᠮ᠎ᠠ ᠬᠦᠷᠳᠡᠬᠡᠭᠰᠡᠨ ᠠᠴᠠ ᠵᠢᠷᠭᠠᠯᠠᠩᠲᠦ ᠪᠤᠯᠠᠭ ᠭᠡᠵᠤ ᠨᠠᠷᠡᠯᠡᠭᠰᠡᠨ ᠪᠠᠶᠢᠵᠡᠢ᠃ ᠳᠠᠷᠨ ᠬᠠᠳᠡ ᠡᠨ᠋ᠨ ᠨᠤᠳᠤᠭ ᠲᠤ ᠳᠤᠰᠤᠭᠰᠠᠨ ᠠᠴᠠ ᠬᠤᠶᠢᠰᠢ ᠮᠠᠯ ᠳᠤ ᠬᠢᠵᠢᠭ ᠭᠡᠵᠤ ᠦᠭᠡᠢ᠂ ᠬᠦᠮᠦᠨ ᠳᠤ ᠡᠪᠡᠳᠴᠢᠨ ᠭᠡᠵᠤ ᠦᠭᠡᠢ᠂ ᠵᠤᠨ ᠳᠤ ᠪᠠᠨ ᠭᠠᠩ ᠪᠤᠯᠬᠤ ᠦᠭᠡᠢ ᠡᠪᠦᠯ ᠳᠤ ᠪᠠᠨ ᠵᠤᠳ ᠭᠠᠷᠬᠤ ᠦᠭᠡᠢ᠂ ᠵᠢᠯ ᠤᠨ ᠲᠦᠷᠪᠡᠨ ᠤᠯᠠᠷᠢᠯ ᠳᠡᠭᠰᠢ ᠰᠠᠶᠢᠬᠠᠨ ᠪᠤᠯᠤᠭᠰᠠᠨ ᠠᠴᠠ ᠬᠡᠢ ᠮᠤᠷᠢ ᠬᠡᠰᠢᠭ ᠪᠤᠶᠠᠨ ᠳᠤ ᠨᠢ ᠰᠢᠳᠤᠯᠬᠢᠯᠠᠵᠤ ᠳᠠᠷᠨ ᠬᠠᠳᠡ ᠶᠢ ᠵᠢᠷᠭᠠᠯᠠᠩᠲᠦ ᠬᠠᠳᠡ ᠭᠡᠵᠤ ᠨᠡᠷᠡᠯᠡᠭᠰᠡᠨ ᠭᠡᠨ᠎ᠡ᠃    
 
ᠢᠷᠡᠯᠲᠡ᠄ ᠭᠡᠰᠡᠷ ᠤᠨ ᠲᠤᠤᠯᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号