| ᠬᠠᠷᠠᠴᠢᠨ ᠬᠤᠰᠢᠭᠤ ᠨᠢ ᠦᠪᠦᠷ ᠮᠤᠩᠭᠤᠯ ᠤᠨ ᠵᠡᠭᠦᠨ ᠬᠡᠰᠡᠭ ᠲᠤ ᠪᠠᠶᠢᠷᠢᠰᠢᠵᠦ᠂ ᠦᠪᠦᠷ ᠮᠤᠩᠭᠤᠯ᠂ | ᠯᠢᠶᠤᠤᠨᠢᠩ᠂ ᠾᠧᠪᠸᠢ ᠭᠤᠷᠪᠠᠨ ᠮᠤᠵᠢ ᠶᠢᠨ ᠠᠭᠤᠯᠵᠠᠭᠤᠷ ᠳᠡᠭᠡᠷ᠎ᠡ ᠤᠷᠤᠰᠢᠵᠤ᠂ ᠵᠡᠭᠦᠨ ᠬᠤᠶᠢᠲᠤ ᠶᠢᠨ ᠠᠵᠤ | ᠠᠬᠤᠢ ᠶᠢᠨ ᠲᠤᠭᠤᠷᠢᠭ ᠪᠠ ᠬᠤᠸᠠᠪᠸᠢ ᠶᠢᠨ ᠠᠵᠤ ᠠᠬᠤᠢ ᠶᠢᠨ ᠲᠤᠭᠤᠷᠢᠭ ᠤᠨ ᠨᠡᠶᠢᠯᠡᠯᠳᠦᠭᠰᠡᠨ ᠬᠡᠰᠡᠭ ᠲᠤ | ᠪᠠᠶᠢᠨ᠎ᠠ᠃ ᠵᠡᠭᠦᠨᠰᠢ ᠯᠢᠶᠤᠤᠨᠢᠩ ᠮᠤᠵᠢ ᠶᠢᠨ ᠵᠢᠶᠠᠨ ᠫᠩ ᠰᠢᠶᠠᠨ ᠯᠤᠭ᠎ᠠ ᠬᠥᠷᠰᠢᠯᠡᠵᠦ᠂ ᠡᠮᠦᠨᠡᠰᠢ ᠨᠢᠩᠴᠧᠩ | ᠰᠢᠶᠠᠨ ᠲᠠᠢ᠂ ᠪᠠᠷᠠᠭᠤᠨᠰᠢ ᠾᠧᠪᠸᠢ ᠮᠤᠵᠢ ᠶᠢᠨ ᠸᠧᠢᠴᠠᠩ ᠰᠢᠶᠠᠨ᠂ ᠯᠦᠩᠬᠤᠸᠠ ᠰᠢᠶᠠᠨ ᠲᠠᠢ᠂ ᠬᠤᠶᠢᠰᠢ | ᠰᠦᠩᠱᠠᠨ ᠲᠤᠭᠤᠷᠢᠭ᠂ ᠬᠤᠩᠱᠠᠨ ᠲᠤᠭᠤᠷᠢᠭ ᠲᠠᠢ ᠲᠤᠰ ᠪᠦᠷᠢ ᠵᠠᠯᠭᠠᠯᠳᠤᠵᠤ ᠪᠠᠶᠢᠳᠠᠭ᠃ ᠤᠯᠠᠭᠠᠨᠬᠠᠳᠠ | ᠬᠤᠳᠠ ᠲᠡᠭᠦᠷᠭᠡ ᠠᠴᠠ 38 ᠺᠢᠯᠤᠮᠧᠲᠷ᠂ ᠪᠡᠭᠡᠵᠢᠩ ᠬᠤᠳᠠ ᠠᠴᠠ 380 ᠺᠢᠯᠤᠮᠧᠲᠷ᠂ ᠮᠦᠭᠳᠡᠨ ᠠᠴᠠ 500 | ᠺᠢᠯᠤᠮᠧᠲᠷ᠂ ᠵᠢᠨᠵᠸᠦ ᠭᠠᠷᠠᠮ ᠠᠴᠠ 280 ᠺᠢᠯᠤᠮᠧᠲᠷ ᠵᠠᠶᠢᠲᠠᠢ ᠪᠠᠶᠢᠳᠠᠭ᠃ ᠤᠯᠠᠭᠠᠨᠬᠠᠳᠠ ᠠᠴᠠ ᠵᠢᠨᠵᠸᠦ | ᠬᠦᠷᠬᠦ᠂ ᠤᠯᠠᠭᠠᠨᠬᠠᠳᠠ ᠠᠴᠠ ᠮᠦᠭᠳᠡᠨ ᠬᠦᠷᠬᠦ᠂ ᠪᠡᠭᠡᠵᠢᠩ ᠠᠴᠠ ᠲᠦᠩᠯᠢᠶᠤᠤ ᠬᠦᠷᠬᠦ ᠭᠠᠯᠳᠤ ᠲᠡᠷᠭᠡ ᠪᠠ | ᠤᠯᠤᠰ ᠮᠤᠵᠢ ᠶᠢᠨ ᠵᠠᠰᠠᠮᠠᠯ ᠵᠠᠮ G306 ᠂ s206 ᠬᠠᠷᠢᠶᠠᠨ ᠢᠶᠠᠷ ᠦᠩᠭᠡᠷᠡᠵᠦ᠂ ᡂᠢ ᠳ᠋ᠠ᠂ ᡂᠢ | ᠲᠦᠩ᠂ ᡂᠢ ᠴᠤᠤ ᠭᠤᠷᠪᠠᠨ ᠵᠤᠷᠪᠤᠰ ᠬᠤᠷᠳᠤᠨ ᠤ ᠵᠠᠮ ᠬᠢᠵᠠᠭᠠᠷ ᠲᠤᠳᠤᠷ᠎ᠠ ᠰᠣᠯᠪᠢᠴᠠᠵᠤ᠂ ᠤᠯᠠᠭᠠᠨᠬᠠᠳᠠ ᠶᠢᠨ | ᠴᠡᠷᠢᠭ ᠠᠷᠠᠳ ᠤᠨ ᠬᠠᠮᠳᠤ ᠶᠢᠨ ᠬᠡᠷᠡᠭᠯᠡᠭᠡᠨ ᠤ ᠨᠢᠰᠭᠡᠯ ᠤᠨ ᠪᠠᠭᠤᠳᠠᠯ ᠬᠠᠷᠢᠶᠠᠨ ᠳᠤᠷ ᠤᠷᠤᠰᠢᠵᠤ᠂ ᠵᠠᠮ | ᠨᠡᠪᠲᠡᠷᠡᠭᠦᠯᠦᠯᠦᠭᠡ ᠲᠦᠢᠯ ᠤᠨ ᠳᠦᠭᠦᠮ ᠪᠠᠶᠢᠳᠠᠭ᠃ | |