| | | ᠣᠶᠢᠭᠤᠷᠵᠢᠨ ᠮᠣᠩᠭᠤᠯ ᠦᠰᠦᠭ | ᠮᠣᠩᠭᠤᠯᠴᠣᠳ ᠣᠶᠢᠭᠤᠷᠵᠢᠨ ᠮᠣᠩᠭᠤᠯ ᠦᠰᠦᠭ ᠢ ᠬᠠᠮᠤᠭ ᠠᠩᠬᠠᠨ ᠤ 13 ᠳ᠋ᠣᠭᠠᠷ ᠵᠠᠭᠤᠨ ᠤ ᠡᠬᠢᠨ ᠤ ᠦᠶ᠎ᠡ ᠳᠤ | ᠴᠢᠩᠭᠢᠰ ᠬᠠᠭᠠᠨ ᠨᠠᠢᠮᠠᠨ ᠠᠶᠢᠮᠠᠭ ᠢ ᠪᠠᠶᠢᠯᠳᠣᠨ ᠳᠠᠭᠠᠭᠤᠯᠣᠭᠰᠠᠨ ᠦᠶ᠎ᠡ ᠳᠤ ᠣᠶᠢᠭᠤᠷ ᠬᠦᠮᠦᠨ ᠳᠠᠠᠳᠠᠳᠣᠩᠭᠠ ᠶᠢ | ᠣᠯᠵᠠᠯᠠᠨ ᠠᠪᠴᠦ ᠢᠷᠡᠵᠦ ᠶᠤᠸᠠᠨ ᠣᠯᠣᠰ ᠤᠨ ᠳᠠᠮᠠᠭ᠎ᠠ ᠬᠠᠮᠢᠶᠠᠷᠬᠤ ᠳᠣᠰᠢᠶᠠᠯᠳᠠᠨ ᠤ ᠠᠵᠢᠯ ᠬᠠᠷᠢᠭᠤᠴᠠᠭᠤᠯᠬᠤ ᠶᠢᠨ | ᠬᠠᠮᠲᠦ ᠬᠠᠭᠠᠳ ᠨᠣᠶᠠᠳ ᠤᠨ ᠦᠷ᠎ᠡ ᠬᠡᠣᠬᠡᠳ ᠲᠤ ᠣᠶᠢᠭᠤᠷ ᠦᠰᠦᠭ ᠢᠶᠠᠷ ᠡᠷᠳᠡᠨ ᠤ ᠮᠣᠩᠭᠤᠯ ᠬᠡᠯᠡ ᠶᠢ ᠳᠡᠮᠳᠡᠭᠯᠠᠨ | ᠵᠢᠭᠠᠯᠭᠠᠵᠦ ᠪᠠᠶᠢᠵᠠᠢ᠃ ᠡᠶᠢᠮᠦ ᠠᠴᠠ ᠣᠶᠢᠭᠤᠷ ᠦᠰᠦᠭ ᠪᠣᠯ ᠳᠠᠷᠣᠢ ᠮᠣᠩᠭᠤᠯ ᠬᠠᠭᠠᠨᠲᠦ ᠣᠯᠣᠰ ᠤᠨ ᠲᠦᠷᠦ ᠶᠢᠨ | ᠦᠰᠦᠭ ᠪᠢᠴᠢᠭ ᠪᠣᠯᠣᠭᠰᠠᠨ ᠪᠢᠯᠡ᠃ ᠮᠣᠩᠭᠤᠯ ᠦᠰᠦᠭ ᠪᠢᠴᠢᠭ ᠤᠨ ᠵᠢᠷᠦᠬᠡᠨ ᠤ ᠳᠣᠯᠲᠦ ᠮᠠᠨ ᠤ ᠮᠣᠩᠭᠤᠯ ᠦᠰᠦᠭ | ᠪᠢᠴᠢᠭ ᠢ ᠬᠡᠷᠡᠭᠯᠡᠭᠰᠠᠨ ᠬᠤᠭᠤᠴᠭ᠎ᠠ ᠣᠷᠳᠦ ᠣᠳᠠᠭᠠᠨ ᠪᠣᠯᠪᠠᠴᠦ ᠲᠡᠬᠦᠨ ᠢ ᠰᠢᠰᠲ᠋ᠧᠮ ᠲᠠᠢ ᠡᠮᠬᠢᠳᠬᠡᠨ ᠰᠣᠳᠣᠯᠣᠭᠰᠠᠨ | ᠬᠦᠮᠦᠨ ᠬᠤᠪᠣᠷ ᠪᠠᠶᠢᠳᠠᠭ᠂ ᠡᠨᠡ ᠲᠣᠬᠠᠢ ᠵᠠᠷᠢᠮ ᠲᠡᠣᠬᠡ ᠶᠢᠨ ᠳᠡᠮᠳᠡᠭᠯᠡᠯ ᠠᠴᠠ ᠦᠵᠡᠪᠡᠯ ᠲᠦᠪᠡᠳ ᠤᠨ ᠰᠠᠴᠠ ᠪᠠᠨᠳᠢᠳᠠ | ᠬᠦᠩᠭᠠᠵᠠᠯᠽᠠᠨ 13 ᠳ᠋ᠣᠭᠠᠷ ᠵᠠᠭᠤᠨ ᠤ ᠳᠣᠮᠳᠠᠴᠢ ᠦᠶ᠎ᠡ ᠪᠠᠷ ᠮᠣᠩᠭᠤᠯ ᠣᠷᠣᠨ ᠳᠤ ᠢᠷᠡᠵᠦ᠂ ᠮᠣᠩᠭᠤᠯ ᠦᠰᠦᠭ ᠢ | ᠴᠢᠩᠭ᠎ᠠ᠂ ᠬᠦᠨᠳᠡᠢ᠂ ᠰᠠᠭᠠᠷᠮᠠᠭ ᠭᠡᠬᠦ ᠬᠡᠯᠡᠨ ᠵᠦᠢ ᠶᠢᠨ ᠵᠣᠬᠢᠶᠠᠯ ᠪᠢᠴᠢᠵᠡᠢ ᠭᠡᠳᠡᠭ᠃ ᠲᠡᠶᠢᠮᠣ ᠠᠴᠠ ᠬᠦᠩᠭᠠᠵᠠᠯᠽᠠᠨ ᠤ | ᠬᠡᠯᠡᠨ ᠵᠦᠢ ᠶᠢ ᠮᠣᠩᠭᠤᠯ ᠦᠰᠦᠭ ᠪᠢᠴᠢᠭ ᠤᠨ ᠨᠢᠭᠡᠳᠦᠭᠡᠷ ︽ᠵᠢᠷᠦᠬᠡᠨ ᠤ ᠳᠣᠯᠳᠦ︾ ᠭᠡᠳᠡᠭ ᠶᠤᠮ᠃ 1305 | ᠣᠨ ᠳᠤ ᠴᠦᠢᠵᠢᠠᠤᠤᠰᠠᠷ ᠪᠠᠨᠳᠢᠳᠠ ᠮᠣᠩᠭᠤᠯ ᠬᠡᠯᠡᠨ ᠵᠦᠢ ᠪᠠ ᠪᠢᠴᠢᠯᠬᠡ ᠶᠢᠨ ᠲᠦᠷᠢᠮ ᠤᠨ ᠲᠠᠯ᠎ᠠ ᠪᠠᠷ ᠶᠡᠭᠡ ᠬᠡᠮᠵᠢᠶᠡᠨ ᠤ | ᠦᠭᠡᠷᠡᠴᠢᠯᠡᠯᠳᠡ ᠬᠢᠵᠡᠢ᠃ | ᠲᠡᠭᠦᠨ ᠤ ᠭᠤᠣᠯ ᠪᠦᠲᠦᠭᠡᠯ ᠨᠢ᠄ | 1. ᠵᠦᠪ ᠪᠢᠴᠢᠯᠬᠡ ᠶᠢᠨ ᠳᠦᠷᠢᠮ ᠪᠣᠯᠣᠨ ᠬᠡᠯᠡᠨ ᠵᠦᠢ ᠶᠢᠨ ᠰᠠᠭᠤᠷᠢ ᠶᠢ ᠳᠣᠭᠲᠠᠭᠠᠵᠠᠢ᠃ | 2. ᠭᠡᠶᠢᠭᠦᠯᠦᠭᠴᠢ ᠪᠣᠯᠣᠨ ᠡᠭᠡᠰᠢᠭ ᠬᠤᠶᠠᠷ ᠤᠨ ᠣᠶᠠᠯᠳᠣᠬᠤ ᠵᠦᠢ ᠶᠢ ᠳᠣᠷᠠᠳᠣᠨ ᠲᠠᠶᠢᠯᠪᠣᠷᠢᠯᠠᠵᠠᠢ᠃ | 3. ᠴᠠᠭᠠᠨ ᠳᠣᠯᠣᠭᠠᠢ ᠶᠢ 115 ᠦᠶᠡᠲᠦ ᠦᠰᠦᠭ ᠪᠣᠯᠭᠠᠨ ᠬᠤᠪᠢᠯᠭᠠᠵᠠᠢ᠃ | 4. ᠨᠡᠷ᠎ᠡ ᠦᠭᠡ ᠶᠢᠨ ᠲᠠᠶᠢᠨ ᠢᠠᠯᠭᠠᠯ ᠪᠣᠯᠣᠨ ᠬᠡᠯᠡᠨ ᠤ ᠵᠦᠢ ᠶᠢᠨ ᠣᠳᠬ᠎ᠠ ᠶᠢ ᠠᠩᠬ᠎ᠠ ᠣᠳᠠᠭ᠎ᠠ ᠳᠣᠷᠠᠳᠣᠨ | ᠭᠠᠷᠭᠠᠵᠠᠢ᠃ | 5. ᠲᠠᠶᠢᠨ ᠢᠯᠭᠠᠯ ᠤᠨ ᠳᠠᠭᠠᠪᠣᠷᠢ ᠶᠢ ᠬᠡᠷᠡᠭᠯᠡᠬᠦ ᠲᠦᠷᠢᠮ ᠢ ᠨᠠᠷᠢᠨ ᠲᠠᠶᠢᠯᠪᠣᠷᠢᠯᠠᠭᠰᠠᠨ ᠪᠠᠶᠢᠨ᠎ᠠ᠃ | 6. ᠡᠬᠡᠰᠢᠭ ᠠᠪᠢᠶ᠎ᠠ ᠪᠣᠯᠣᠨ ᠭᠡᠶᠢᠭᠦᠯᠦᠭᠴᠢ ᠠᠪᠢᠶ᠎ᠠ ᠶᠢᠨ ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ | ᠣᠬᠠᠭᠠᠨ ᠢ ᠦᠨᠳᠦᠰᠦᠯᠡᠵᠦ᠂ ᠠᠯᠳᠠ᠂ ᠮᠣᠳᠣ᠂ ᠣᠰᠣ᠂ ᠭᠠᠯ᠂ ᠰᠢᠷᠣᠢ ᠵᠡᠷᠭᠡ ᠪᠠᠷ ᠮᠣᠩᠭᠤᠯ ᠬᠡᠯᠡᠨ ᠤ ᠠᠪᠢᠶ᠎ᠠ ᠶᠢ | ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ ᠲᠠᠯ᠎ᠠ ᠪᠠᠷ ᠲᠠᠪᠣᠨ ᠠᠩᠬᠢ ᠪᠠᠷ ᠠᠩᠬᠢᠯᠠᠵᠦ᠂ ᠲᠠᠪᠣᠨ ᠮᠠᠬᠠᠪᠣᠳ ᠤᠨ | ᠠᠶᠢᠮᠠᠭ ᠪᠣᠯᠭᠠᠨ ᠬᠤᠪᠢᠶᠠᠷᠢᠯᠠᠵᠠᠢ᠃ ᠡᠶᠢᠮᠦ ᠠᠴᠠ ᠴᠦᠢᠵᠢᠠᠣᠣᠰᠠᠷ ᠤᠨ ᠮᠣᠩᠭᠤᠯ ᠬᠡᠯᠠᠨ ᠤ ᠵᠦᠢ ᠶᠢ ᠪᠠᠰᠠ ᠮᠣᠩᠭᠤᠯ | ᠦᠰᠦᠭ ᠪᠢᠴᠢᠭ ᠤᠨ ᠬᠤᠶᠠᠳᠣᠭᠠᠷ ︽ᠵᠢᠷᠦᠬᠡᠨ ᠤ ᠳᠣᠯᠳᠦ︾ ᠬᠡᠳᠡᠭ ᠶᠤᠮ᠃ | 1628 ᠤᠨ ᠠᠴᠠ ᠡᠮᠦᠨ᠎ᠡ ᠬᠦᠩᠭᠠᠠᠣᠣᠰᠡᠷ ᠪᠠᠨᠳᠢᠳᠠ ᠯᠢᠭᠳᠡᠨ ᠬᠠᠭᠠᠨ ᠤ ᠵᠠᠷᠯᠢᠭ ᠢᠶᠠᠷ ︽ᠭᠠᠨᠵᠣᠣᠷ ᠰᠣᠨᠳᠣᠷ︾ | ᠢ ᠣᠷᠴᠢᠭᠤᠯᠬᠤ ᠦᠶ᠎ᠡ ᠳᠤ ᠦᠰᠦᠭ ᠤᠨ ᠲᠢᠭ ᠬᠡᠯᠪᠡᠷᠢ᠂ ᠵᠦᠪ ᠪᠢᠴᠢᠯᠬᠡ ᠶᠢ ᠨᠢᠭᠡᠳᠭᠡᠬᠦ ᠶᠢᠨ ᠲᠦᠯᠦᠭᠡ ᠰᠢᠨ᠎ᠡ ︽ | ᠵᠢᠷᠦᠭᠡᠨ ᠤ ᠳᠣᠯᠳᠦ︾ ᠶᠢ ᠵᠣᠬᠢᠶᠠᠪᠠ᠃ ᠡᠬᠦᠨ ᠢ ᠪᠠᠰᠠ ᠮᠣᠩᠭᠤᠯ ᠦᠰᠦᠭ ᠪᠢᠴᠢᠭ ᠤᠨ ᠭᠤᠷᠪᠠᠳᠣᠭᠠᠷ ︽ᠵᠢᠷᠦᠭᠡᠨ ᠤ | ᠳᠣᠯᠲᠦ︾ ᠭᠡᠳᠡᠭ᠃ | ᠮᠣᠩᠭᠤᠯ ᠳᠦᠷᠪᠡᠯᠵᠢᠨ ᠦᠰᠦᠭ | 1260 ᠣᠨ ᠳᠤ ᠬᠤᠪᠢᠯᠠᠢ ᠰᠡᠴᠡᠨ ᠬᠠᠭᠠᠨ ᠮᠣᠩᠭᠤᠯ ᠦᠰᠦᠭ ᠢ ᠦᠭᠡᠷᠡᠴᠢᠯᠡᠨ ᠵᠣᠬᠢᠶᠠᠬᠤ ᠡᠬᠦᠷᠭᠡ ᠶᠢ | ᠲᠦᠪᠡᠳ ᠤᠨ ᠫᠠᠭᠪᠠ ᠯᠠᠮᠠ ᠳᠤ ᠳᠠᠭᠠᠭᠠᠯᠭᠠᠭᠰᠠᠨ ᠪᠠᠶᠢᠨ᠎ᠠ᠃ ᠫᠠᠭᠪᠠ ᠯᠠᠮᠠ 1260 ~1269 ᠣᠨ ᠤ ᠬᠤᠭᠤᠷᠣᠨᠲᠦ | ᠡᠨᠡᠳᠬᠡᠭ ᠤᠨ ᠰᠠᠨᠰᠺᠷᠢᠲ ᠴᠠᠭᠠᠨ ᠲᠣᠯᠣᠭᠠᠢ ᠪᠡ ᠲᠦᠪᠡᠳ ᠦᠰᠦᠭ ᠤᠨ ᠴᠠᠭᠠᠨ ᠳᠣᠯᠣᠭᠠᠢ ᠶᠢ ᠦᠨᠳᠦᠰᠦᠯᠡᠵᠦ᠂ 42 | ᠦᠰᠦᠭ ᠢᠶᠠᠷ ᠪᠦᠷᠢᠯᠳᠦᠭᠰᠠᠨ ᠳᠦᠷᠪᠡᠯᠵᠢᠨ ᠦᠰᠦᠭ ᠤᠨ ᠴᠠᠭᠠᠨ ᠲᠣᠯᠣᠭᠠᠢ ᠶᠢ ᠵᠣᠬᠢᠶᠠᠭᠰᠠᠨ ᠪᠠᠶᠢᠨ᠎ᠠ᠃ ᠵᠣᠬᠢᠶᠠᠵᠦ | ᠪᠠᠷᠠᠭᠰᠠᠨ ᠵᠢᠯ ᠳᠤ ᠬᠤᠪᠢᠯᠠᠢ ᠬᠠᠭᠠᠨ ᠪᠦᠬᠦ ᠶᠤᠸᠠᠨ ᠣᠯᠣᠰ ᠲᠤ ᠵᠠᠷᠯᠢᠭ ᠪᠠᠭᠤᠯᠭᠠᠵᠦ ᠨᠡᠶᠢᠳᠡᠮ ᠬᠡᠷᠡᠭᠯᠡᠵᠡᠢ᠃ ᠲᠠᠷᠡ | ᠦᠶ᠎ᠡ ᠳᠤ ᠮᠣᠩᠭᠤᠯ ᠳᠦᠷᠪᠡᠯᠵᠢᠨ ᠦᠰᠦᠭ ᠢ ᠵᠠᠷᠣᠬᠤ ᠶᠢᠨ ᠬᠠᠮᠲᠦ ᠣᠶᠢᠭᠤᠷᠵᠢᠨ ᠮᠣᠩᠭᠤᠯ ᠦᠰᠦᠭ ᠪᠠ ᠬᠢᠳᠠᠳ᠂ | ᠲᠦᠪᠡᠳ ᠦᠰᠦᠭ ᠢ ᠬᠠᠮᠲᠦ ᠲᠤᠨᠢ ᠳᠠᠭᠠᠭᠤᠯᠵᠦ ᠬᠡᠷᠡᠭᠯᠡᠵᠦ ᠪᠠᠶᠢᠯ᠎ᠠ᠃ | ᠠᠶᠣᠰᠢ ᠬᠦᠣᠰᠢ ᠶᠢᠨ ᠠᠯᠢ ᠭᠠᠯᠢ ᠦᠰᠦᠭ | 1577 ᠣᠨ ᠠᠴᠠ ᠬᠤᠶᠢᠰᠢ ᠰᠢᠷ᠎ᠠ ᠶᠢᠨ ᠱᠠᠰᠢᠨ ᠮᠣᠩᠭᠤᠯ ᠣᠷᠣᠨ ᠳᠤ ᠳᠡᠯᠭᠡᠷᠡᠵᠡᠢ᠂ ᠲᠣᠬᠠᠢ ᠶᠢᠨ ᠦᠶ᠎ᠡ ᠳᠤ | ᠰᠦᠮ᠎ᠡ ᠬᠡᠶᠢᠳ ᠨᠢ ᠮᠣᠩᠭᠤᠯ ᠦᠨᠳᠦᠰᠣᠳᠠᠨ ᠤ ᠰᠣᠶᠣᠯ ᠤᠨ ᠲᠦᠪ ᠪᠤᠯᠵᠦ᠂ ᠪᠣᠷᠬᠠᠨ ᠤ ᠨᠣᠮ ᠰᠣᠳᠣᠷ ᠢ ᠮᠣᠩᠭᠤᠯ | ᠬᠡᠯᠡ ᠪᠠᠷ ᠣᠷᠴᠢᠭᠤᠯᠬᠤ ᠠᠰᠠᠭᠤᠳᠠᠯ ᠳᠣᠯᠭᠠᠮ᠎ᠠ ᠱᠠᠭᠠᠷᠳᠠᠭᠳᠠᠵᠦ ᠪᠠᠶᠢᠵᠠᠢ᠃ ᠲᠡᠷᠡ ᠦᠶ᠎ᠡ ᠳᠤ ᠠᠯᠳᠠᠨ ᠬᠠᠭᠠᠨ ᠮᠣᠩᠭᠤᠯ | ᠂ ᠲᠦᠪᠡᠳ᠂ ᠰᠠᠨᠰᠺᠷᠢᠲ ᠭᠤᠷᠪᠠᠨ ᠬᠡᠯᠡ ᠳᠤ ᠨᠡᠪᠳᠡᠷᠡᠭᠰᠠᠨ ᠬᠠᠷᠠᠴᠢᠨ ᠤ ᠬᠦᠣᠰᠢ ᠠᠶᠣᠰᠢ ᠵᠡᠷᠭᠡ ᠡᠷᠳᠡᠮᠳᠡᠨ ᠳᠤ ᠵᠠᠷᠯᠢᠭ | ᠪᠠᠭᠤᠯᠭᠠᠵᠦ᠂ ᠲᠦᠪᠡᠳ ᠬᠡᠯᠡᠨ ᠠᠴᠠ ︽ᠭᠠᠨᠵᠣᠣᠷ︾ ᠢ ᠣᠷᠴᠢᠭᠤᠯᠣᠭᠤᠯᠪᠠ᠃ ᠣᠷᠴᠢᠭᠤᠯᠬᠤ ᠶᠠᠪᠣᠴᠠ ᠳᠤ ᠬᠠᠷᠢ | ᠬᠡᠯᠡᠨ ᠤ ᠵᠢᠭᠡᠯᠡᠭᠡ ᠦᠭᠡ ᠶᠢ ᠮᠣᠩᠭᠤᠯ ᠢᠶᠠᠷ ᠳᠡᠮᠳᠡᠭᠯᠡᠬᠦ ᠳᠤ ᠬᠦᠴᠢᠷ ᠪᠣᠯᠬᠤᠷ 1587 ᠤᠨ ᠳᠤ ᠬᠠᠷᠠᠴᠢᠨ ᠤ ᠠᠶᠣᠰᠢ | ᠬᠦᠣᠰᠢ ᠮᠣᠩᠭᠤᠯ ᠦᠰᠦᠭ ᠤᠨ ᠰᠠᠭᠤᠷᠢᠨ ᠳᠡᠭᠡᠷ᠎ᠡ ᠰᠠᠨᠰᠺᠷᠢᠲ ᠪᠣᠯᠣᠨ ᠲᠦᠪᠡᠳ ᠦᠰᠦᠭ ᠤᠨ ᠴᠠᠭᠠᠨ ᠳᠣᠯᠣᠭᠠᠢ ᠶᠢ | ᠬᠢᠨᠠᠵᠦ ︽ᠠᠯᠢ ᠭᠠᠯᠢ ᠦᠰᠦᠭ︾ ᠭᠡᠳᠡᠭ ᠭᠠᠯᠢᠭ ᠦᠰᠦᠭ ᠢ ᠵᠣᠬᠢᠶᠠᠪᠠ᠃ ᠠᠯᠢ ᠭᠠᠯᠢ ᠦᠰᠦᠭ ᠪᠣᠯ ᠡᠷᠳᠠᠨ ᠤ | ᠮᠣᠩᠭᠤᠯ ᠤᠨ ᠳᠠᠭᠤᠳᠠᠯᠭ᠎ᠠ ᠪᠣᠯᠣᠨ ᠪᠢᠴᠢᠯᠭᠡ ᠲᠠᠢ ᠦᠨᠳᠦᠰᠣᠨ ᠳᠡᠭᠡᠨ ᠠᠳᠠᠯᠢ ᠪᠠᠶᠢᠳᠠᠭ᠃ | ᠳᠣᠳᠣ ᠦᠰᠦᠭ | 1648 ᠣᠨ ᠳᠤ ᠣᠶᠢᠷᠠᠳ ᠮᠣᠩᠭᠤᠯ ᠤᠨ ᠡᠷᠳᠡᠮᠳᠡᠨ ᠽᠠᠶ᠎ᠠ ᠪᠠᠨᠳᠢᠳᠠ ᠨᠠᠮᠬᠠᠶᠢᠵᠠᠮᠰᠣ ᠨᠡᠶᠢᠳᠡ ᠮᠣᠩᠭᠤᠯ ᠤᠨ | ᠬᠡᠷᠡᠭᠯᠡᠵᠦ ᠪᠠᠶᠢᠭᠰᠠᠨ ᠣᠶᠢᠭᠤᠷᠵᠢᠨ ᠮᠣᠩᠭᠤᠯ ᠦᠰᠦᠭ ᠢ ᠣᠶᠢᠷᠠᠳ ᠠᠶᠠᠯᠭᠤᠨ ᠤ ᠣᠨᠴᠠᠯᠢᠭ ᠢᠶᠠᠷ ᠦᠨᠳᠣᠰᠣᠯᠡᠵᠦ᠂ | ᠶᠠᠷᠢᠶᠠᠨ ᠳᠠᠭᠠᠨ ᠣᠶᠢᠷᠠᠳᠣᠭᠤᠯᠣᠭᠰᠠᠨ ︽ᠳᠣᠳᠣ ᠦᠰᠦᠭ ᠪᠣᠯᠭᠠᠨ︾ ᠦᠭᠡᠷᠡᠴᠢᠯᠡᠵᠡᠢ᠃ | ᠰᠣᠶᠣᠩᠪᠤ ᠣᠰᠦᠭ | ᠬᠠᠯᠬ᠎ᠠ ᠶᠢᠨ ᠲᠦᠰᠢᠶᠡᠲᠦ ᠬᠠᠭᠠᠨ ᠭᠤᠮᠪᠤ ᠶᠢᠨ ᠬᠦᠪᠡᠭᠦᠨ ᠵᠠᠨᠠᠪᠠᠽᠠᠷ 1686 ᠤᠨ ᠲᠦᠪᠠᠭ᠋ᠠᠨ ᠭᠡᠳᠡᠭ ᠭᠠᠵᠷ ᠲᠤ | ᠱᠠᠰᠢᠨ ᠰᠣᠷᠳᠠᠬᠤᠨ ᠤ ᠨᠤᠮ ᠰᠣᠳᠣᠷ ᠢ ᠣᠷᠴᠢᠭᠤᠯᠬᠤ ᠶᠢᠨ ᠳᠦᠭᠦᠮ ᠢ ᠪᠣᠳᠣᠵᠦ᠂ ᠡᠷᠳᠡᠨ ᠤ ᠡᠨᠡᠳᠬᠡᠭ ᠦᠰᠦᠭ ᠤᠨ | ᠴᠠᠭᠠᠨ ᠳᠣᠯᠣᠭᠠᠢ ᠪᠣᠯᠣᠨ ᠲᠦᠪᠡᠳ ᠦᠰᠦᠭ ᠢ ᠦᠨᠳᠦᠰᠦᠯᠡᠵᠦ᠂ ᠮᠣᠩᠭᠤᠯ ᠬᠡᠯᠡ ᠶᠢ ᠳᠡᠮᠳᠡᠭᠯᠡᠬᠦ ︽ᠰᠣᠶᠣᠩᠪᠤ ᠦᠰᠦᠭ | ︾ ᠢ ᠵᠣᠬᠢᠶᠠᠪᠠ᠃ ᠡᠨᠡ ᠦᠰᠦᠭ ᠨᠢ ᠬᠠᠯᠠᠬ᠎ᠠ ᠶᠢᠨ ᠰᠦᠮ᠎ᠡ ᠬᠡᠶᠢᠳ ᠤᠨ ᠯᠠᠮᠠ ᠨᠠᠷ ᠤᠨ ᠳᠣᠮᠳᠠ ᠬᠤᠶᠠᠷ ᠵᠠᠭᠤ ᠭᠠᠷᠣᠢ | ᠵᠢᠯ ᠣᠯᠠᠮᠵᠢᠯᠠᠭᠳᠠᠭᠰᠠᠨ ᠪᠦᠭᠡᠳ ᠣᠯᠠᠭᠠᠨᠪᠠᠭᠠᠳᠣᠷ ᠲᠤ ᠰᠣᠶᠣᠩᠪᠤ ᠦᠰᠦᠭ ᠰᠣᠷᠣᠯᠴᠠᠬᠤ ᠰᠣᠷᠭᠠᠭᠤᠯᠢ ᠪᠠᠶᠢᠭᠤᠯᠪᠠ᠃ | ᠡᠨᠡ ᠦᠰᠦᠭ ᠪᠣᠯ ᠲᠦᠷᠪᠡᠯᠵᠢᠨ ᠬᠡᠯᠪᠡᠷᠢ ᠲᠠᠢ ᠪᠦᠭᠡᠳ ᠵᠡᠬᠦᠨ ᠠᠴᠠ ᠪᠠᠷᠠᠭᠤᠨᠰᠢ ᠬᠦᠨᠳᠠᠯᠡᠨ ᠪᠢᠴᠢᠳᠡᠭ 90 | ᠦᠰᠦᠭ ᠲᠠᠢ᠂ ᠪᠢᠴᠢᠬᠦ ᠲᠢᠭ ᠨᠢ ᠬᠡᠪᠯᠡᠯ ᠦᠰᠦᠭ᠂ ᠬᠢᠴᠢᠶᠡᠩᠬᠦᠢ ᠦᠰᠦᠭ᠂ ᠳᠠᠳᠠᠯᠭᠠᠨ ᠦᠰᠦᠭ ᠭᠡᠵᠦ ᠭᠤᠷᠪᠠᠨ | ᠵᠦᠢᠯ ᠤᠨ ᠲᠢᠭ ᠲᠠᠢ᠃ | ᠰᠢᠨ᠎ᠡ ᠮᠣᠩᠭᠤᠯ ᠦᠰᠦᠭ | 20 ᠳ᠋ᠣᠭᠠᠷ ᠵᠠᠭᠤᠨ ᠤ ᠭᠤᠴᠢ ᠠᠴᠠ ᠲᠦᠴᠢᠭᠡᠳ ᠣᠨ ᠤ ᠦᠶ᠎ᠡ ᠳᠤ ᠪᠦᠬᠦᠳᠡ ᠨᠠᠶᠢᠷᠠᠮᠳᠠᠬᠤ ᠮᠣᠩᠭᠤᠯ ᠣᠯᠣᠰ | ᠪᠠ ᠪᠦᠷᠢᠶᠡᠳ ᠨᠠᠷ ᠰᠯᠡᠸ᠋ ᠴᠠᠭᠠᠨ ᠲᠣᠯᠣᠭᠠᠢ ᠶᠢ ᠵᠢᠭᠡᠯᠡᠵᠦ᠂ ᠬᠠᠯᠬ᠎ᠠ ᠶᠢᠨ ᠬᠡᠯᠡᠨ ᠤ ᠡᠷᠳᠡᠮᠳᠡᠨ ᠴ᠊᠂ ᠳᠠᠮᠳᠢᠨᠰᠦ᠋ᠷᠦᠩ᠂ | ᠮᠢᠰᠢᠭ᠂ ᠪᠠᠭᠪᠠ ᠨᠠᠷ ᠬᠠᠮᠳᠣᠷᠠᠨ ︽ᠰᠢᠨ᠎ᠡ ᠮᠣᠩᠭᠤᠯ ᠦᠰᠦᠭ︾ ᠢ ᠵᠣᠬᠢᠶᠠᠪᠠ᠃ 1949 ᠤᠨ ᠳᠤ ᠰᠢᠨ᠎ᠡ ᠮᠣᠩᠭᠤᠯ | ᠦᠰᠦᠭ ᠤᠨ ᠳᠦᠷᠢᠮ ᠢᠶᠠᠨ ᠳᠠᠬᠢᠨ ᠬᠢᠨᠠᠵᠦ ᠵᠠᠰᠠᠭᠠᠳ ᠪᠦᠬᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ ᠬᠠᠣᠯᠢ | ᠶᠣᠰᠣ ᠪᠠᠷ ᠪᠠᠲᠣᠯᠠᠵᠦ ᠬᠡᠷᠡᠭᠵᠢᠭᠦᠯᠪᠡ᠃ ᠬᠠᠯᠬ᠎ᠠ ᠮᠣᠩᠭᠤᠯᠴᠣᠳ 1941 ᠤᠨ ᠠᠴᠠ ᠡᠬᠢᠯᠡᠵᠦ ︽ᠬᠠᠭᠤᠴᠢᠨ ᠮᠣᠩᠭᠤᠯ | ᠦᠰᠦᠭ︾ ᠢ ᠬᠡᠷᠡᠭᠯᠡᠬᠦ ᠪᠠᠨ ᠵᠣᠭᠰᠣᠵᠦ᠂ ︽ᠰᠢᠨ᠎ᠡ ᠮᠣᠩᠭᠤᠯ ᠦᠰᠦᠭ︾ ᠢ ᠵᠠᠷᠣᠬᠤ ᠪᠣᠯᠵᠠᠢ᠃ 1992 ᠤᠨ ᠠᠴᠠ | ᠮᠣᠩᠭᠤᠯ ᠠᠷᠠᠳ ᠣᠯᠣᠰ ᠬᠠᠭᠤᠴᠢᠨ ᠮᠣᠩᠭᠤᠯ ᠦᠰᠦᠭ ᠢᠶᠠᠨ ᠬᠡᠷᠡᠭᠯᠡᠪᠡ᠃ 1956 ~1959 ᠤᠨ ᠬᠦᠷᠳᠡᠯ᠎ᠡ | ᠦᠪᠦᠷ ᠮᠤᠩᠭᠤᠯ ᠣᠷᠣᠨ ᠳᠤ ᠰᠢᠨ᠎ᠡ ᠮᠣᠩᠭᠤᠯ ᠦᠰᠦᠭ ᠢ ᠪᠠᠰᠠ ᠬᠡᠷᠡᠭᠯᠡᠵᠦ ᠦᠩᠭᠡᠷᠡᠪᠡ᠃ | |