| | ᠬᠦᠮᠦᠨ ᠠᠮᠢᠳᠠᠨ᠂ ᠶᠠᠭᠤᠮ᠎ᠠ ᠦᠵᠡᠭᠳᠡᠯ ᠤᠨ ᠲᠤᠭ᠎ᠠ ᠬᠡᠮᠵᠢᠶ᠎ᠡ᠂ ᠲᠡᠰ ᠳ᠋ᠤᠭᠠᠷ᠂ ᠪᠤᠯᠤᠭᠰᠠᠨ ᠤᠳᠠᠭ᠎ᠠ ᠵᠡᠷᠭᠡ ᠶᠢ | ᠵᠢᠭᠠᠭᠰᠠᠨ ᠦᠭᠡ ᠶᠢ ᠲᠤᠭᠠᠨ ᠤ ᠦᠭᠡ ᠭᠡᠨ᠎ᠡ᠃ ᠲᠤᠭᠠᠨ ᠤ ᠦᠭᠡ ᠶᠢᠨ ᠲᠦᠷᠦᠯ ᠵᠦᠢᠯ ᠲᠤᠭᠠᠨ ᠤ ᠦᠭᠡ ᠶᠢ ᠤᠳᠬ᠎ᠠ | ᠪᠠ ᠬᠡᠯᠪᠡᠷᠢ ᠶᠢ ᠨᠢ ᠦᠨᠳᠦᠰᠦᠯᠡᠨ ᠬᠤᠪᠢᠶᠠᠪᠠᠯ ᠲᠤᠤᠷᠠᠬᠢ ᠮᠡᠳᠦ᠄ | 1. ᠦᠨᠳᠦᠰᠦᠨ ᠲᠤᠭᠠᠨ ᠤ ᠦᠭᠡ — ᠬᠦᠮᠦᠨ ᠠᠮᠢᠳᠠᠨ᠂ ᠶᠠᠭᠤᠮ᠎ᠠ ᠦᠵᠡᠭᠳᠡᠯ ᠤᠨ ︽ᠬᠡᠳᠦ᠂ ᠬᠡᠴᠢᠨᠡᠭᠡᠨ︾ | ᠪᠤᠯᠬᠤ ᠶᠢ ᠵᠢᠭᠠᠭᠰᠠᠨ ᠦᠭᠡ ᠶᠢ ᠬᠡᠯᠡᠨ᠎ᠡ᠃ ᠵᠢᠱᠢᠶᠡᠯᠡᠪᠡᠯ᠄ ᠨᠢᠭᠡ᠂ ᠬᠤᠶᠡᠷ᠂ ᠵᠠᠭᠤ᠂ ᠮᠢᠩᠭ᠎ᠠ᠂ ᠲᠦᠮᠡ᠂ ᠳ᠋ᠦᠩᠰᠢᠭᠤᠷ | ᠭᠡᠬᠦ ᠮᠡᠳᠦ᠃ | 2. ᠲᠡᠰ ᠲᠤᠭᠠᠨ ᠤ ᠦᠭᠡ — ᠦᠨᠳᠦᠰᠦᠨ ᠲᠤᠭᠠᠨ ᠤ ᠦᠭᠡᠨ ᠳᠤ ︽ᠳ᠋ᠤᠭᠠᠷ ᠳ᠋ᠦ᠋ᠭᠡᠷ᠂ ᠳᠠᠬᠢ︾ ᠲᠠᠭᠠᠪᠤᠷᠢ | ᠵᠠᠯᠭᠠᠵᠤ᠂ ᠬᠦᠮᠦᠨ ᠶᠠᠭᠤᠮ᠎ᠠ᠂ ᠦᠵᠡᠭᠳᠡᠯ ᠤᠨ ᠲᠡᠰ ᠳ᠋ᠤᠭᠠᠷ ᠢ ᠵᠢᠭᠠᠳᠠᠭ ᠦᠭᠡᠰ ᠢ ᠬᠡᠯᠡᠨ᠎ᠡ᠃ ᠲᠡᠰ ᠲᠤᠭᠠᠨ ᠤ ᠦᠭᠡ ᠨᠢ | ︽ᠬᠡᠳᠦᠳᠦᠭᠡᠷ︖ ᠬᠡᠳᠦ ᠳᠠᠬᠢ︖︾ ᠭᠡᠰᠡᠨ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠨᠢᠭᠡᠳᠦᠭᠡᠷ᠂ | ᠵᠢᠷᠭᠤᠳᠤᠭᠠᠷ᠂ ᠠᠷᠪᠠ ᠳᠠᠬᠢ ᠭᠡᠬᠦ ᠮᠡᠳᠦ᠃ ᠲᠡᠰ ᠲᠤᠭᠠᠨ ᠤ ᠦᠭᠡ ᠨᠢ ᠵᠠᠷᠢᠮ ᠲᠤᠰᠬᠠᠢ ᠦᠭᠡ ᠪᠠᠷ ᠴᠦ ᠢᠯᠡᠷᠡᠳᠡᠭ᠃ | ᠵᠢᠱᠢᠶ᠎ᠡ᠄ ᠲᠡᠷᠢᠭᠦᠨ — ᠨᠢᠭᠡᠳᠦᠭᠡᠷ᠂ ᠲᠡᠳ᠋ — ᠬᠤᠶᠠᠳᠤᠭᠠᠷ᠂ ᠠᠩᠬ᠎ᠠ — ᠨᠢᠭᠡᠳᠦᠭᠡᠷ ︵ᠠᠩᠬᠠᠳᠤᠭᠠᠷ᠂ | ᠠᠩᠬᠠᠳᠠᠭᠴᠢ︶ ᠭᠡᠬᠦ ᠮᠡᠳᠦ᠃ | 3. ᠬᠠᠮ ᠲᠤᠭᠠᠨ ᠤ ᠦᠭᠡ — ᠦᠨᠳᠦᠰᠦᠨ ᠲᠤᠭᠠᠨ ᠤ ᠦᠭᠡᠨ ᠳᠤ ︽ᠭᠤᠯᠠ ᠭᠦ᠋ᠯᠡ︾ ᠲᠠᠭᠠᠪᠤᠷᠢ ᠵᠠᠯᠭᠠᠵᠤ | ᠬᠦᠮᠦᠨ ᠶᠠᠭᠤᠮ᠎ᠠ ᠶᠢᠨ ᠤᠯᠠᠨ ᠢ ᠵᠢᠭᠠᠳᠠᠭ ᠦᠭᠡ ᠶᠢ ᠬᠡᠯᠡᠨ᠎ᠡ᠃ ᠬᠠᠮ ᠲᠤᠭᠠᠨ ᠤ ᠦᠭᠡ ︽ᠬᠡᠳᠦᠭᠦᠯᠡ︖︾ ᠭᠡᠬᠦ | ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠲᠦᠷᠪᠡᠭᠦᠯᠡ᠂ ᠲᠠᠪᠤᠭᠤᠯᠠ ᠭᠡᠬᠦ ᠮᠡᠳᠦ᠃ | 4. ᠲᠦᠢᠮᠤ ᠲᠤᠭᠠᠨ ᠤ ᠦᠭᠡ — ᠦᠨᠳᠦᠰᠦᠨ ᠲᠤᠭᠠᠨ ᠤ ᠦᠭᠡᠨ ᠳᠤ ︽ᠭᠠᠳ ᠭᠡᠳ︾ ᠲᠠᠭᠠᠪᠤᠷᠢ | ᠵᠠᠯᠭᠠᠵᠤ᠂ ᠲᠤᠭ᠎ᠠ ᠬᠡᠮᠵᠢᠶ᠎ᠡ ᠶᠢ ᠲᠦᠢᠮᠤᠴᠢᠯᠠᠨ ᠵᠢᠭᠠᠳᠠᠭ ᠦᠭᠡ ᠶᠢ ᠭᠡᠯᠡᠨ᠎ᠡ᠃ ᠲᠦᠢᠮᠤ ᠲᠤᠭᠠᠨ ᠤ ᠦᠭᠡ ᠨᠢ ︽ᠬᠡᠳᠦᠢ︖ | ︾ ᠭᠡᠬᠦ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠵᠠᠭᠤᠭᠠᠳ᠂ ᠲᠦᠮᠡᠭᠡᠳ ᠭᠡᠬᠦ ᠮᠡᠳᠦ᠃ ᠪᠠᠰᠠ ︽ᠠᠷᠪᠠᠳ᠂ | ᠬᠤᠷᠢᠳ᠂ ᠠᠷᠪᠠ ᠬᠤᠷᠢ᠂ ᠨᠢᠭᠡ ᠵᠠᠭᠤ ᠲᠠᠯ᠎ᠠ ᠨᠠᠶᠠ᠂ ᠠᠷᠪᠠ ᠰᠢᠬᠠᠮ᠂ ᠵᠠᠭᠤ ᠤᠷᠴᠢᠮ᠂ ᠲᠦᠮᠡ ᠭᠠᠷᠤᠢ᠂ ᠭᠤᠴᠢ | ᠢᠯᠡᠭᠦᠦ᠂ ᠬᠡᠳᠦᠨ ᠵᠠᠭᠤ︾ ᠭᠡᠬᠦ ᠮᠡᠳᠦ ᠪᠠᠷ ᠢᠯᠡᠷᠡᠳᠡᠭ ᠴᠦ ᠪᠤᠢ᠃ | 5. ᠲᠦᠭᠡᠭᠡᠯ ᠲᠤᠭᠠᠨ ᠤ ᠦᠭᠡ — ᠬᠦᠮᠦᠨ ᠠᠮᠢᠳᠠᠨ᠂ ᠶᠠᠭᠤᠮ᠎ᠠ ᠦᠵᠡᠭᠳᠡᠯ ᠢ ᠬᠡᠰᠡᠭᠯᠡᠨ ᠬᠤᠪᠢᠶᠠᠬᠤ ᠳᠤ ᠪᠠᠨ | ᠲᠤᠰ ᠲᠤᠰ ᠠᠳᠠᠯᠢ ᠲᠡᠭᠰᠢ ᠨᠤᠭᠳᠠᠭᠤᠯᠳᠠᠭ ᠦᠭᠡ ᠶᠢ ᠬᠡᠯᠡᠨ᠎ᠡ᠃ ᠲᠦᠭᠡᠭᠡᠯ ᠲᠤᠭᠠᠨ ᠤ ᠦᠭᠡ ᠨᠢ ︽ᠬᠡᠳᠦ ᠬᠡᠳᠦ ᠪᠠᠷ︖ | ︾ ᠭᠡᠬᠦ ᠠᠰᠠᠭᠤᠯᠳᠠ ᠳᠤ ᠬᠠᠷᠢᠭᠤᠯᠤᠭᠳᠠᠵᠤ᠂ ᠦᠨᠳᠦᠰᠦᠨ ᠲᠤᠭᠠᠨ ᠤ ᠦᠭᠡ ᠶᠢ ᠲᠠᠪᠳᠠᠵᠤ ᠢᠯᠡᠷᠡᠭᠦᠯᠳᠡᠭ᠃ ᠵᠢᠱᠢᠶ᠎ᠡ᠄ | ᠲᠠᠪᠤ ᠲᠠᠪᠤ ᠪᠠᠷ᠂ ᠭᠤᠴᠢ ᠭᠤᠴᠢ ᠪᠠᠷ᠂ ᠭᠡᠬᠦ ᠮᠡᠳᠦ᠃ ᠡᠭᠦᠨ ᠠᠴᠠ ᠭᠠᠳᠠᠨ᠎ᠠ ᠪᠠᠰᠠ ᠨᠢᠵᠡᠭᠡᠳ — ᠨᠢᠭᠡ ᠨᠢᠭᠡ᠂ | ᠬᠤᠰᠢᠶᠠᠳ — ᠬᠤᠶᠠᠷ ᠬᠤᠶᠠᠷ ᠭᠡᠬᠦ ᠮᠡᠳᠦ ᠪᠠᠷ ᠢᠯᠡᠳᠭᠡᠳᠡᠭ᠃ | 6. ᠲᠠᠬᠢᠬᠤ ᠲᠤᠭᠠᠨ ᠤ ᠦᠭᠡ — ᠦᠢᠯᠡ ᠪᠠᠶᠢᠳᠠᠯ ᠤᠨ ᠬᠡᠳᠦ ᠤᠳᠠᠭ᠎ᠠ᠂ ᠬᠡᠳᠦ ᠲᠠᠬᠢᠨ ᠪᠤᠯᠤᠭᠰᠠᠨ ᠢ | ᠵᠢᠭᠠᠭᠰᠠᠨ ᠦᠭᠡ ᠶᠢ ᠬᠡᠯᠡᠨ᠎ᠡ᠃ ᠲᠠᠬᠢᠬᠤ ᠲᠤᠭᠠᠨ ᠤ ᠦᠭᠡ ᠨᠢ ︽ᠬᠡᠳᠦ ᠤᠳᠠᠭ᠎ᠠ︖ ᠬᠡᠳᠦᠨᠳᠡ︖ ᠬᠡᠳᠦ ᠲᠠᠬᠢᠨ︖ | ︾ ᠭᠡᠰᠡᠨ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠭᠤᠷᠪᠠᠨᠳᠠ᠂ ᠭᠤᠷᠪᠠ ᠤᠳᠠᠭ᠎ᠠ᠂ ᠲᠦᠷᠪᠡ ᠲᠠᠬᠢᠨ ᠭᠡᠬᠦ | ᠮᠡᠳᠦ᠃ | 7. ᠪᠤᠳᠠᠷᠬᠠᠢ ᠲᠤᠭᠠᠨ ᠤ ᠦᠭᠡ — ᠬᠦᠮᠦᠨ ᠶᠠᠭᠤᠮ᠎ᠠ ᠶᠢ ᠬᠡᠳᠦᠨ ᠤ ᠬᠡᠳᠦ ᠭᠡᠵᠤ ᠬᠤᠪᠢᠶᠠᠭᠰᠠᠨ ᠦᠭᠡ ᠶᠢ | ᠬᠡᠯᠡᠨ᠎ᠡ᠃ ︽ᠬᠡᠳᠦᠨ ᠤ ᠬᠡᠳᠦ︖︾ ᠭᠡᠬᠦ ᠠᠰᠠᠭᠤᠯᠳᠠ ᠳᠤ ᠬᠠᠷᠢᠭᠤᠯᠤᠭᠳᠠᠨ᠎ᠠ᠃ ᠵᠢᠱᠢᠶ᠎ᠡ᠄ ᠭᠤᠷᠪᠠᠨ ᠤ ᠨᠢᠭᠡ᠂ | ᠲᠤᠯᠤᠭᠠᠨ ᠤ ᠬᠤᠶᠠᠷ᠂ ᠵᠠᠭᠤᠨ ᠤ ᠲᠠᠪᠢ ᠭᠡᠬᠦ ᠮᠡᠳᠦ᠃ | 8. ᠴᠢᠮᠠᠯᠠᠭᠰᠠᠨ ᠲᠤᠭᠠᠨ ᠤ ᠦᠭᠡ — ᠤᠤᠯ ᠲᠤᠭᠠᠨ ᠤ ᠦᠭᠡᠨ ᠳᠤ ᠴᠢᠮᠠᠯᠠᠭᠰᠠᠨ ᠤᠳᠬ᠎ᠠ ᠤᠷᠤᠭᠤᠯᠳᠠᠭ | ᠦᠭᠡ ᠶᠢ ᠬᠡᠯᠡᠨ᠎ᠡ᠃ ᠴᠢᠮᠠᠯᠠᠭᠰᠠᠨ ᠲᠤᠭᠠᠨ ᠤ ᠦᠭᠡ ᠶᠢ ᠪᠤᠰᠤᠳ ᠲᠤᠭᠠᠨ ᠤ ᠦᠭᠡᠨ ᠳᠤ ︽ᠬᠠᠨ ᠬᠡᠨ︾ ᠲᠠᠭᠠᠪᠤᠷᠢ | ᠵᠠᠯᠭᠠᠵᠤ ᠢᠯᠡᠷᠡᠭᠦᠯᠳᠡᠭ᠃ ᠵᠢᠱᠢᠶ᠎ᠡ᠄ ᠠᠷᠪᠠᠭ᠋ᠠᠨ᠂ ᠲᠠᠪᠤᠭᠤᠯᠠᠬᠠᠨ ᠭᠡᠬᠦ ᠮᠡᠳᠦ᠃ | 9. ᠬᠡᠮᠵᠢᠭᠦᠷ ᠤᠨ ᠦᠭᠡ — ᠬᠦᠮᠦᠨ ᠶᠠᠭᠤᠮ᠎ᠠ ᠪᠠ ᠦᠢᠯᠡ ᠪᠠᠶᠢᠳᠠᠯ ᠤᠨ ᠲᠤᠭ᠎ᠠ ᠬᠡᠮᠵᠢᠶ᠎ᠡ ᠶᠢ ᠢᠯᠡᠳᠭᠡᠬᠦ | ᠬᠡᠮᠵᠢᠭᠦᠷ ᠤᠨ ᠨᠢᠭᠡᠴᠢ ᠶᠢ ᠨᠡᠷᠡᠯᠡᠳᠡᠭ ᠦᠭᠡᠰ ᠢ ᠬᠡᠮᠵᠢᠭᠦᠷ ᠤᠨ ᠦᠭᠡ ᠭᠡᠳᠡᠭ᠃ | ︵1︶ ᠲᠤᠭᠠᠨ ᠤ ᠦᠭᠡ ᠶᠢ ᠲᠠᠭᠠᠬᠤ᠃ ᠵᠢᠱᠢᠶ᠎ᠡ᠄ ᠠᠷᠪᠠᠨ ᠠᠶᠠᠭ᠎ᠠ ᠰᠦ᠂ ᠭᠤᠷᠪᠠᠨ ᠵᠢᠩ ᠮᠢᠬ᠎ᠠ᠂ ᠲᠠᠪᠤᠨ | ᠴᠠᠭ ᠬᠡᠷᠡᠭᠰᠡᠨ᠎ᠡ ᠭᠡᠬᠦ᠂ | ︵2︶ ᠨᠢᠭᠡ ᠭᠡᠬᠦ ᠲᠤᠭᠠᠨ ᠤ ᠦᠭᠡ ᠪᠠᠨ ᠠᠪᠬᠤ ᠦᠭᠡᠢ ᠪᠠᠷ ᠢᠯᠡᠷᠡᠬᠦ᠃ ᠵᠢᠱᠢᠶ᠎ᠡ᠄ ︵ᠨᠢᠭᠡ︶ ᠠᠳᠬᠤ | ᠪᠤᠳᠠᠭ᠎ᠠ ᠶᠢ ᠴᠦ ᠠᠷᠪᠢᠯᠠᠬᠤ ᠬᠡᠷᠡᠭᠳᠡᠢ᠂ ︵ᠨᠢᠭᠡ︶ ᠬᠡᠰᠡᠭ ᠮᠢᠬ᠎ᠠ ᠠᠪᠤᠭᠠᠷᠠᠢ ᠭᠡᠬᠦ ᠮᠡᠳᠦ᠃ | |