ᠳᠠᠬᠢᠨᠢ ᠶᠢᠨ ᠤᠷᠬᠢᠯ
ᠨᠡᠶᠢᠲᠡᠯᠡᠭᠰᠡᠨ ᠴᠠᠭ᠄
2017/12/28
      ︽ᠳᠠᠬᠢᠨᠢ ᠶᠢᠨ ᠤᠷᠬᠢᠯ  ︾ ᠨᠢ ᠸᠠᠩ ᠶᠧ ᠳ᠋ᠢᠶᠠᠨ ᠪᠠᠯᠭᠠᠰᠤ ᠠᠴᠠ ᠵᠡᠭᠦᠨ ᠪᠠᠶᠢᠳᠠᠭ᠂  ᠣᠷᠬᠢᠯ ᠤᠨ ᠳᠡᠭᠡᠷ᠎ᠡ ᠨᠢ ᠨᠢᠭᠡᠨ ᠳᠠᠬᠢᠨᠢᠰ ᠰᠢᠭ ᠲᠤᠮᠤ ᠬᠠᠳᠠ ᠪᠠᠶᠢᠳᠠᠭ ᠢᠶᠠᠷ ᠨᠢ  ᠳᠠᠬᠢᠨᠢ ᠶᠢᠨ ᠤᠷᠬᠢᠯ  ᠭᠡᠵᠦ ᠨᠡᠷᠡᠯᠡᠵᠡᠢ᠃  ᠲᠤᠬᠠᠢ ᠶᠢᠨ ᠭᠠᠵᠠᠷ ᠤᠨ ᠬᠦᠮᠦᠰ ᠪᠠᠰᠠ ᠰᠢᠳᠠᠮ ᠤᠨ ᠠᠭᠤᠯᠠ ᠭᠡᠳᠡᠭ᠃  ᠳᠠᠯᠠᠢ ᠶᠢᠨ ᠲᠦᠪᠰᠢᠨ ᠠᠴᠠ 1850 ᠮᠧᠲᠷ ᠦᠨᠳᠦᠷ᠃     ᠮᠤᠩᠭᠤᠯ ᠦᠨᠳᠦᠰᠦᠲᠡᠨ ᠤ  ᠤᠯᠠᠮᠵᠢᠯᠠᠯ ᠶᠠᠷᠢᠶᠠᠨ ᠳᠤ᠂  ᠬᠤᠷᠮᠤᠰᠲᠠ ᠲᠡᠭᠷᠢ ᠶᠢᠨ ᠦᠬᠢᠨ ᠬᠦᠰᠡᠯᠡᠩ  ᠬᠡᠮᠡᠭᠴᠢ ᠲᠡᠭᠷᠢ ᠶᠢᠨ ᠤᠷᠳᠤᠨ ᠠᠴᠠ ᠬᠤᠯᠠᠭᠠᠶᠢᠯᠠᠨ ᠪᠠᠭᠤᠵᠤ᠂  ᠬᠦᠮᠦᠨ ᠤ ᠶᠢᠷᠲᠢᠨᠴᠦ ᠶᠢᠨ  ᠴᠢᠷᠮᠠᠶᠢᠬᠦᠦ ᠲᠠᠢ ᠬᠠᠶᠢᠷ᠎ᠠ ᠲᠠᠢ ᠪᠤᠯᠵᠤ᠂  ᠭᠠᠩ ᠬᠠᠭᠰᠠᠷᠠᠭ᠎ᠠ᠂  ᠰᠠᠯᠬᠢᠨ ᠡᠮᠡᠭᠡᠨ᠂ ᠤᠰᠤᠨ ᠭᠠᠶᠢᠬᠠᠯ᠂ ᠬᠢᠵᠢᠭ ᠲᠠᠬᠤᠯ ᠵᠡᠷᠭᠡ ᠳᠦᠷᠪᠡᠨ ᠴᠢᠪᠢᠯᠲᠦ ᠲᠦᠢᠳᠭᠡᠷ ᠢ ᠢᠯᠠᠵᠤ᠂ ᠬᠤᠸᠠᠷ ᠴᠡᠴᠡᠭ ᠡᠪᠡᠰᠦ ᠤᠷᠭᠤᠮᠠᠯ ᠦᠬᠡᠷ ᠬᠤᠨᠢ ᠵᠡᠷᠭᠡ ᠶᠢ ᠬᠦᠮᠦᠨ ᠤ ᠶᠢᠷᠲᠢᠨᠴᠦ ᠳᠤ  ᠰᠤᠶᠤᠷᠬᠠᠵᠤ᠂ ᠠᠮᠤᠷ ᠠᠮᠤᠭᠤᠯᠠᠩ ᠤᠨ ᠦᠷ᠎ᠡ ᠶᠢ ᠰᠠᠴᠤᠭᠰᠠᠨ  ᠭᠡᠨ᠎ᠡ᠃  ᠬᠤᠵᠢᠮ  ᠨᠢ ᠬᠤᠷᠮᠤᠰᠲᠠ ᠮᠡᠳᠡᠵᠦ ᠬᠡᠤᠬᠡᠨ ᠢᠶᠠᠨ ᠪᠠᠷᠢᠵᠤ ᠠᠪᠤᠭᠠᠴᠠᠬᠤ ᠬᠡᠬᠦ ᠳᠤ᠂  ᠬᠠᠶᠢᠷ᠎ᠠ ᠳᠤᠷᠠᠯᠠᠯ ᠳᠠᠭᠠᠨ ᠦᠨᠡᠨᠴᠢ ᠪᠦᠭᠡᠳ ᠬᠦᠮᠦᠨ ᠤ ᠶᠢᠷᠳᠢᠨᠴᠦ ᠳᠤ  ᠬᠤᠷᠭᠤᠳᠠᠬᠤ ᠲᠤᠯᠠ  ᠳᠠᠬᠢᠨᠢ ᠬᠦᠰᠡᠯᠡᠩ ᠨᠢᠭᠡᠨ ᠲᠤᠮᠤ ᠴᠢᠯᠠᠭᠤ ᠪᠤᠯᠤᠨ ᠬᠤᠪᠢᠯᠠᠪᠠ ᠭᠡᠨ᠎ᠡ᠃  ᠲᠡᠭᠡᠭᠡᠳ ᠡᠨᠡᠬᠦ ᠤᠷᠬᠢᠯ ᠢ ᠳᠠᠬᠢᠨᠢ ᠶᠢᠨ ᠤᠷᠬᠢᠯ ᠭᠡᠵᠡᠢ᠃      ᠰᠢᠳᠠᠮ ᠤᠨ ᠠᠭᠤᠯᠠᠨ ᠤ ᠢᠷᠤᠭᠠᠷ ᠠᠴᠠ  ᠤᠢ ᠶᠢᠨ ᠳᠤᠮᠳᠠᠬᠢ ᠨᠠᠷᠢᠨ ᠵᠥᠷᠢᠭ ᠢᠶᠠᠷ ᠲᠠᠭᠡᠭᠰᠢ ᠶᠠᠪᠤᠪᠠᠯ ᠤᠳᠠᠯ ᠦᠭᠡᠢ ︽ ᠶᠢᠰᠦᠨ  ᠯᠤᠤ ᠶᠢᠨ ᠠᠮᠠ︾  ᠬᠡᠮᠡᠬᠦ ᠰᠤᠨᠢᠨ  ᠵᠢᠭᠲᠡᠢ ᠬᠠᠳᠠ ᠴᠢᠯᠠᠭᠤ ᠲᠠᠢ ᠲᠠᠭᠠᠷᠠᠯᠳᠤᠵᠤ᠂  ᠳᠠᠬᠢᠨ ᠲᠡᠭᠡᠭᠰᠢ  ᠶᠠᠪᠤᠪᠠᠯ  ᠠᠯᠲᠠᠨ  ᠯᠢᠩᠬᠤᠸ᠎ᠠ ᠴᠡᠴᠡᠭ ᠤᠷᠭᠤᠭᠰᠠᠨ  ︽ ᠠᠯᠲᠠᠨ  ᠯᠢᠩᠬᠤᠸᠠᠲᠦ ᠲᠡᠪᠰᠡᠭ︾  ᠬᠡᠮᠡᠬᠦ ᠨᠡᠯᠢᠶᠡᠳ ᠠᠭᠤᠵᠢᠮ ᠭᠠᠵᠠᠷ ᠬᠦᠷᠳᠡᠭ᠃  ᠲᠠᠬᠢᠨ ᠲᠡᠭᠡᠭᠰᠢᠯᠡᠵᠦ ᠨᠢᠭᠡᠨ ᠪᠦᠯᠦᠭ ᠬᠠᠷᠭᠠᠢ ᠶᠢᠨ ᠰᠢᠭᠤᠢ ᠶᠢ ᠥᠩᠭᠡᠷᠡᠭᠡᠪᠡᠯ ᠨᠢᠳᠦᠨ ᠪᠠᠷᠠᠭ᠎ᠠ ᠶᠢᠨ ᠦᠵᠦᠭᠦᠷ ᠲᠤ ᠬᠠᠷᠠᠭᠳᠠᠬᠤ ᠵᠢᠭᠳᠡ ᠨᠠᠮᠣᠬᠠᠨ ᠦᠭᠰᠦᠭᠡ ᠲᠠᠢ  ᠠᠭᠤᠯᠠᠨ ᠵᠦᠯᠭᠡ ᠲᠠᠢ  ᠪᠠᠯ ᠢᠶᠠᠷ ᠥᠩᠭᠡᠷᠡᠳᠡᠭ  ᠶᠤᠮ᠃  ᠲᠠ ᠶᠠᠳᠠᠷᠠᠯ ᠢ  ᠲᠡᠪᠴᠢᠨ ᠠᠯᠬᠤᠮ ᠠᠯᠬᠤᠮ ᠢᠶᠠᠷ ᠲᠠᠭᠡᠭᠰᠢ ᠮᠠᠴᠤᠵᠤ ᠪᠠᠯ ᠤᠨ ᠲᠤᠮᠳᠠ ᠬᠦᠷᠬᠦ ᠳᠤ᠂  ᠨᠢᠭᠡᠨ ︽ ᠤᠯᠠᠭᠠᠴᠢ ᠬᠠᠳᠠ︾ ᠬᠡᠮᠡᠭᠦ ᠲᠤᠮᠤ  ᠴᠢᠯᠠᠭᠤ ᠲᠠᠢ ᠲᠠᠭᠠᠷᠠᠯᠳᠤᠵᠤ᠂ ᠲᠡᠷᠡ ᠨᠢ ᠶᠠᠭ ᠯᠠ ᠦᠨᠡᠨᠴᠢ ᠰᠢᠳᠤᠷᠭᠤ ᠠᠪᠠ ᠶᠢᠨ ᠨᠤᠬᠠᠢ ᠰᠢᠭ ᠠᠭᠤᠯᠠᠨ ᠪᠠᠯ ᠢ ᠰᠠᠬᠢᠨ ᠰᠠᠭᠤᠵᠤ ᠪᠠᠶᠢᠳᠠᠭ᠃     ᠡᠨᠡᠬᠦ  ᠵᠦᠯᠭᠡ ᠲᠠᠢ ᠠᠭᠤᠯᠠᠨ ᠪᠠᠯ ᠢ ᠲᠤᠭᠤᠯᠵᠤ ᠤᠷᠤᠢ ᠲᠡᠭᠡᠷ᠎ᠡ ᠨᠢ ᠭᠠᠷᠪᠠᠯ  ︽ᠳᠠᠬᠢᠨᠢ ᠶᠢᠨ ᠤᠷᠬᠢᠯ  ︾   ᠨᠢᠳᠦᠨ ᠡᠮᠦᠨ᠎ᠡ  ᠴᠢᠨᠢ ᠢᠯᠡᠷᠡᠳᠡᠭ ᠪᠠᠶᠢᠨ᠎ᠠ᠃  ︽ᠳᠠᠬᠢᠨᠢ ᠶᠢᠨ ᠤᠷᠬᠢᠯ  ︾   ᠤᠨ  ᠪᠦᠲᠦᠴᠡ ᠨᠢ ᠰᠤᠨᠢᠨ ᠭᠠᠶᠢᠬᠠᠮᠰᠢᠭ ᠲᠠᠢ᠂ ᠡᠮᠦᠨ᠎ᠡ ᠲᠠᠯ᠎ᠠ ᠠᠴᠠ ᠨᠢ ᠦᠵᠡᠪᠡᠯ ᠤᠷᠬᠢᠯ ᠤᠨ ᠤᠷᠤᠢ ᠲᠡᠭᠡᠷ᠎ᠡ ᠨᠢ ᠨᠢᠭᠡᠨ ᠲᠤᠮᠤ ᠴᠢᠯᠠᠭᠤ ᠪᠠᠶᠢᠵᠤ᠂ ᠤᠷᠬᠢᠯ ᠯᠤᠭ᠎ᠠ ᠬᠡᠳᠦᠬᠡᠨ ᠭᠠᠵᠠᠷ ᠨᠡᠶᠢᠯᠡᠯᠳᠦᠵᠦ᠂ ᠦᠴᠦᠬᠡᠨ ᠰᠠᠯᠬᠢᠨ ᠳᠤ ᠤᠨᠤᠵᠤ ᠢᠷᠡᠮᠡᠷ ᠰᠠᠨᠠᠭᠳᠠᠳᠠᠭ᠃   ᠤᠷᠬᠢᠯ ‍ᠤᠨ‌ᠢᠷᠤᠭᠠᠷ ᠳᠤᠨᠢ ᠨᠢᠭᠡᠨ ᠠᠭᠤᠢ ᠪᠠᠶᠢᠳᠠᠭ᠂  ᠠᠭᠤᠢ  ᠪᠠᠷ ᠲᠡᠭᠡᠭᠰᠢ ᠮᠠᠴᠤᠪᠠᠯ ᠲᠤᠮᠤ ᠬᠠᠳᠠᠨ ᠤ ᠤᠷᠤᠢ ᠳᠤᠨᠢ ᠬᠦᠷᠳᠡᠭ  ᠪᠠᠶᠢᠨ᠎ᠠ᠃      ︽ᠳᠠᠬᠢᠨᠢ ᠶᠢᠨ ᠤᠷᠬᠢᠯ  ︾  ᠤᠨ ᠤᠷᠤᠢ ᠠᠴᠠ ᠳᠤᠷᠤᠭᠰᠢ ᠬᠠᠷᠠᠪᠠᠯ᠂  ᠠᠭᠤᠯᠠᠨ ᠤ ᠥᠩᠭᠡ ᠤᠷᠭᠤᠮᠠᠯ ᠤᠨ ᠪᠦᠳᠦᠴᠡ ᠨᠢ ᠬᠡᠰᠡᠭ ᠬᠡᠰᠡᠭ ᠢᠶᠠᠷ ᠦᠩᠬᠡ ᠢᠯᠭᠠᠷᠠᠵᠤ ᠦᠵᠡᠭᠳᠡᠳᠡᠭ᠃ 1300 ᠮᠧᠲᠷ ᠠᠴᠠ ᠲᠤᠷᠤᠭᠰᠢ ᠪᠤᠯ ᠲᠠᠷᠢᠶᠠᠯᠠᠩ ᠪᠠ ᠬᠦᠮᠦᠨ ᠤ ᠬᠦᠴᠦᠨ ᠤ ᠤᠢ ᠰᠢᠭᠤᠢ ᠪᠠᠶᠢᠵᠤ᠂1300 ᠮᠧᠲᠷ ᠠᠴᠠ ᠲᠡᠭᠡᠭᠰᠢ ᠪᠤᠯ  ᠴᠠᠭᠠᠨ ᠬᠤᠰᠤ᠂  ᠠᠭᠤᠯᠠᠨ ᠤᠯᠢᠶᠠᠰᠤ ᠵᠡᠷᠭᠡ  ᠪᠠᠶᠢᠭᠠᠯᠢᠯᠢᠭ ᠤᠷᠭᠤᠮᠠᠯ ᠦᠵᠡᠭᠳᠡᠵᠦ᠂ 1400 ᠮᠧᠲᠷ ᠠᠴᠠ  ᠳᠡᠭᠡᠭᠰᠢ 1800 ᠮᠧᠲᠷ  ᠤᠨ ᠬᠤᠭᠤᠷᠤᠨᠳᠤ ᠪᠤᠯ ᠦᠷᠭᠡᠨ ᠨᠠᠪᠴᠢᠲᠤ ᠤᠢ ᠪᠠᠶᠢᠵᠤ᠂  ᠬᠡᠰᠡᠭ ᠭᠠᠴᠤᠷ᠎ᠠ᠂  ᠴᠠᠭᠠᠨ ᠬᠤᠰᠤ ᠬᠤᠯᠢᠯᠳᠤᠨ ᠤᠷᠭᠤᠵᠠᠢ᠃      ︽ᠳᠠᠬᠢᠨᠢ ᠶᠢᠨ ᠤᠷᠬᠢᠯ  ︾  ᠤᠨ ᠬᠡᠭᠡᠷ᠎ᠡ ᠶᠢᠨ ᠤᠷᠭᠤᠮᠠᠯ ᠤᠨ ᠲᠦᠷᠦᠯ ᠵᠦᠢᠯ ᠲᠤᠶᠢᠯ ᠤᠨ ᠡᠯᠪᠡᠭ ᠳᠡᠯᠪᠡᠭ ᠪᠠᠶᠢᠳᠠᠭ᠃ ᠡᠭᠦᠨ ᠳᠤ ᠡᠮᠲᠤ ᠤᠷᠭᠤᠮᠠᠯ ᠬᠤᠷᠢᠨ ᠬᠡᠳᠦᠨ ᠵᠦᠢᠯ᠂ ᠬᠡᠭᠡᠷ᠎ᠡ ᠶᠢᠨ ᠬᠤᠸᠠᠷ ᠴᠡᠴᠡᠭ ᠠᠷᠪᠠᠨ ᠬᠡᠳᠦᠨ ᠵᠦᠢᠯ ᠪᠠᠶᠢᠳᠠᠭ᠃  ᠲᠤᠬᠠᠢ ᠶᠢᠨ ᠭᠠᠵᠠᠷ ᠤᠨ ᠠᠷᠠᠳ ᠤᠨ ᠬᠠᠮᠤᠭ ᠠᠴᠠ ᠪᠠᠭ᠋ᠠᠷᠬᠠᠳᠠᠭ ᠨᠢ ᠠᠯᠲᠠᠰᠤᠨ ᠴᠡᠴᠡᠭ᠂  ᠠᠯᠲᠠᠢ ᠰᠦᠩᠬᠢᠨ᠎ᠠ᠂ ᠥᠷᠭᠡᠰᠦᠲᠦ ᠠᠯᠢᠮ᠎ᠠ ᠪᠤᠯᠤᠨ᠎ᠠ᠃            
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号