ᠱᠢ ᠴᠢᠤᠸᠠᠨ ᠭᠧᠦ  ᠡᠷᠲᠡᠨ ᠤ ᠳᠠᠶᠢᠨ ᠤ ᠲᠠᠯᠠᠪᠤᠷ
ᠨᠡᠶᠢᠲᠡᠯᠡᠭᠰᠡᠨ ᠴᠠᠭ᠄
2017/12/28
       ᠸᠠᠩ ᠶᠧ ᠳ᠋ᠢᠶᠠᠨ ᠪᠠᠯᠭᠠᠰᠤ ᠠᠴᠠ ᠵᠡᠭᠦᠨ ᠬᠤᠶᠢᠨ᠎ᠠ 24 ᠭᠠᠵᠠᠷ ᠤᠨ ᠠᠯᠤᠰ ᠲᠤ ᠨᠢᠭᠡᠨ ᠵᠠᠩ ᠵᠢᠶᠠ ᠶᠢᠩ ᠭᠡᠳᠡᠭ ᠲᠤᠰᠬᠤᠨ ᠪᠠᠶᠢᠳᠠᠭ᠃  ᠡᠨᠡᠬᠦ ᠲᠤᠰᠬᠤᠨ ᠨᠢ ᠦᠨᠳᠦᠷ ᠰᠦᠷᠯᠢᠭ ᠠᠭᠤᠯᠠ ᠶᠢ  ᠲᠦᠰᠢᠵᠦ᠂  ᠦᠷᠭᠡᠨ ᠶᠡᠭᠡ ᠭᠤᠤ  ᠶᠢ ᠢᠰᠬᠦᠯᠵᠦ ᠰᠠᠭᠤᠭᠰᠠᠨ ᠶᠤᠮ  ᠃  ᠭᠤᠤ ᠶᠢᠨ ᠳᠤᠲᠤᠷ᠎ᠠ ᠨᠢ  ᠭᠤᠷᠪᠠᠨ ᠪᠤᠯᠠᠭ ᠲᠠᠢ᠃  ᠡᠨᠡ ᠭᠠᠵᠠᠷ ᠪᠤᠯ ᠲᠠᠷᠤᠢ ᠱᠢ ᠴᠢᠤᠸᠠᠨ ᠭᠧᠦ  ᠡᠷᠲᠡᠨ ᠤ ᠳᠠᠶᠢᠨ ᠤ ᠲᠠᠯᠠᠪᠤᠷ ᠮᠦᠨ᠃ 1973 ᠣᠨ ᠳᠤ᠂  ᠠᠳᠡᠬᠢ ᠶᠢᠨ ᠠᠷᠠᠳ  ᠨᠢᠭᠡᠨ ᠶᠢᠨ ᠤᠯᠤᠰ ᠤᠨ ᠦᠶ᠎ᠡ ᠶᠢᠨ ᠭᠠᠤᠯᠢᠨ ᠲᠠᠮᠠᠭ᠎ᠠ ᠣᠯᠵᠤ ᠠᠪᠤᠭᠰᠠᠨ ᠠᠴᠠ ᠤᠯᠤᠰ ᠠᠴᠠ ᠨᠡᠭᠡᠭᠡᠨ  ᠠᠭᠤᠳᠠᠯᠬᠤ ᠪᠠᠷ ᠳᠠᠮᠵᠢᠭᠠᠳ᠂  ᠲᠦᠮᠡ ᠢᠯᠡᠭᠦᠦ ᠡᠯ᠎ᠡ ᠲᠦᠷᠦᠯ ᠤᠨ ᠬᠦᠷᠡᠯ ᠵᠤᠭᠤᠰ᠂ ᠳᠥᠴᠢ ᠢᠯᠡᠭᠦᠦ ᠬᠡᠰᠡᠭ ᠬᠦᠷᠡᠯ  ᠲᠣᠯᠢ ᠪᠠ ᠵᠢᠳᠠ᠂ ᠬᠢᠲᠤᠭ᠎ᠠ᠂ ᠰᠤᠮᠤ ᠵᠡᠷᠭᠡ ᠡᠯ᠎ᠡ ᠵᠦᠢᠯ ᠤᠨ ᠴᠡᠷᠢᠭ ᠤᠨ ᠵᠡᠪᠰᠡᠭ ᠵᠢᠴᠢ ᠠᠨᠵᠢᠰᠤ᠂ ᠮᠤᠷᠢᠨ ᠳᠦᠷᠦᠭᠡ᠂ ᠲᠡᠭᠰᠢ ᠢᠷᠤᠭᠠᠷ ᠲᠠᠢ ᠲᠤᠭᠤᠭ᠎ᠠ᠂ ᠬᠠᠶᠢᠴᠢ᠂ ᠸᠠᠭᠠᠷ ᠰᠠᠪᠠ ᠵᠡᠷᠭᠡ ᠶᠢ ᠮᠠᠯᠲᠠᠨ ᠭᠠᠷᠭᠠᠭᠰᠠᠨ ᠪᠠᠶᠢᠨ᠎ᠠ᠃      ᠱᠢ ᠴᠢᠤᠸᠠᠨ ᠭᠧᠦ  ᠡᠷᠲᠡᠨ ᠤ ᠳᠠᠶᠢᠨ ᠤ ᠲᠠᠯᠠᠪᠤᠷ ᠨᠢ ᠭᠠᠵᠠᠷ ᠤᠨ ᠪᠠᠶᠢᠴᠠ ᠡᠳᠡᠭᠡᠳ᠂ ᠯᠤᠩᠬᠤᠨ ᠬᠡᠯᠪᠡᠷᠢ  ᠲᠠᠢ᠂ ᠰᠠᠬᠢᠬᠤ ᠳᠤ ᠬᠢᠯᠪᠠᠷ᠂ ᠡᠪᠳᠡᠬᠦ ᠳᠤ ᠬᠦᠴᠢᠷ ᠲᠠᠢ ᠭᠠᠵᠠᠷ ᠪᠤᠯᠠᠢ᠃ ᠱᠢ ᠴᠢᠤᠸᠠᠨ ᠭᠧᠦ ᠠᠭᠤᠯᠠᠨ  ᠠᠮᠠᠰᠠᠷ  ᠢᠶᠠᠷ ᠲᠤᠳᠤᠭᠰᠢ ᠤᠷᠤᠪᠠᠯ᠂  ᠨᠡᠯᠢᠶᠡᠳ ᠶᠡᠭᠡ ᠴᠡᠷᠢᠭ ᠠᠩᠬᠢ ᠪᠠᠭᠲᠠᠮᠠᠷ ᠠᠭᠤᠵᠢᠮ ᠲᠠᠯᠪᠢᠭᠤ ᠭᠠᠵᠠᠷ ᠪᠠᠶᠢᠵᠤ᠂  ᠭᠤᠤ ᠶᠢᠨ ᠲᠤᠳᠤᠷᠠᠬᠢ ᠭᠤᠷᠪᠠᠨ ᠪᠤᠯᠠᠭ᠂  ᠴᠡᠷᠢᠭ ᠵᠠᠩᠵᠤᠨ ᠵᠠᠬᠢᠷᠬᠤ ᠲᠠᠶᠢᠰᠠ᠂ ᠵᠠᠩᠵᠦᠨ ᠤ ᠬᠦᠰᠡᠭᠡ᠂ ᠨᠢᠭᠤᠴᠠ ᠠᠭᠤᠢ᠂ ᠵᠠᠩᠵᠤᠨ ᠤ ᠠᠭᠤᠢ ᠵᠡᠷᠭᠡ ᠣᠨᠴᠠᠭᠠᠢ ᠦᠵᠡᠮᠵᠢ ᠶᠢᠨ ᠭᠠᠵᠠᠷ ᠨᠤᠭᠤᠳ ᠪᠠᠶᠢᠳᠠᠭ᠃      ᠬᠠᠭᠤᠴᠢᠯᠠᠬᠤ ᠳᠤ᠂   ᠶᠢᠨ ᠤᠯᠤᠰ ᠤᠨ ᠰᠡᠭᠦᠯᠴᠢ ᠶᠢᠨ ᠦᠶ᠎ᠡ ᠳᠤ  ᠂ ᠨᠢᠭᠡᠨ ᠪᠦᠯᠦᠭ ᠳᠠᠶᠢᠨ ᠳᠤ ᠢᠯᠠᠭᠳᠠᠭᠰᠠᠨ   ᠶᠢᠨ ᠤᠯᠤᠰ ᠤᠨ ᠴᠡᠷᠢᠭ ᠠᠳᠡ ᠳᠤᠲᠠᠭᠠᠨ ᠢᠷᠡᠭᠡᠳ᠂  ᠠᠳᠡᠬᠢ ᠶᠢᠨ ᠭᠠᠵᠠᠷ ᠤᠨ ᠪᠠᠶᠢᠴᠠ ᠨᠢ ᠨᠢᠭᠤᠭᠳᠠᠨ ᠰᠠᠭᠤᠬᠤ ᠳᠤ ᠠᠰᠢᠭᠲᠠᠢ ᠬᠡᠮᠡᠨ ᠨᠢᠭᠤᠭᠳᠠᠨ ᠰᠠᠭᠤᠵᠠᠢ᠃ ᠭᠡᠪᠡᠴᠦ  ᠶᠤᠸᠠᠨ ᠤᠯᠤᠰ ᠤᠨ ᠴᠡᠷᠢᠭ ᠲᠤ ᠮᠡᠳᠡᠭᠳᠡᠵᠦ᠂  ᠬᠤᠶᠠᠷ ᠲᠠᠯ᠎ᠠ ᠪᠠᠷ ᠢᠶᠠᠨ ᠬᠠᠲᠠᠭᠤ ᠰᠢᠷᠦᠭᠦᠨ ᠳᠠᠶᠢᠯᠠᠯᠳᠤᠭᠠᠳ᠂  ᠡᠴᠦᠰ ᠲᠡᠭᠡᠨ ᠡᠳᠡᠭᠡᠷ ᠶᠢᠨ ᠤᠯᠤᠰ ᠤᠨ ᠴᠡᠷᠢᠭ ᠬᠠᠷᠠᠰᠠᠯᠲᠠᠢ ᠪᠠᠷ ᠮᠦᠬᠦᠭᠡᠭᠳᠡᠭᠰᠡᠨ  ᠪᠠᠶᠢᠨ᠎ᠠ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号