ᠵᠢᠨᠱᠠᠨ ᠴᠡᠴᠡᠷᠯᠢᠭ ᠤᠨ ᠦᠵᠡᠮᠵᠢ
ᠨᠡᠶᠢᠲᠡᠯᠡᠭᠰᠡᠨ ᠴᠠᠭ᠄
2017/12/27
                                ᠬᠠᠷᠠᠴᠢᠨ ᠤ ᠬᠠᠳᠤᠨ ᠭᠤᠤᠯ ᠪᠤᠯᠬᠤ ᠰᠢᠪᠡᠭᠡ ᠭᠤᠤᠯ ᠨᠢ ᠮᠠᠶᠢᠷᠡᠨ ᠪᠠᠯᠭᠠᠰᠤ ᠶᠢᠨ ᠳ᠋ᠠ ᠳ᠋ᠢᠶᠠᠨ ᠤ ᠬᠤᠶᠢᠳᠤ ᠭᠤᠤ ᠶᠢᠨ ᠭᠤᠭᠤᠳ ᠤᠨ ᠠᠰᠠᠷ ᠠᠭᠤᠯᠠ ᠶᠢᠨ ᠵᠡᠬᠦᠨ ᠬᠤᠷᠮᠦᠢ ᠠᠴᠠ ᠡᠬᠢ ᠠᠪᠴᠦ ᠪᠤᠢ᠂ ᠰᠠᠪᠠ ᠤᠷᠤᠰᠬᠠᠯ  ᠤᠨ ᠲᠠᠯᠠᠪᠠᠢ ᠨᠢ ᠬᠠᠷᠠᠴᠢᠨ ᠬᠤᠰᠢᠭᠤᠨ ᠤ ᠶᠡᠷᠦᠩᠬᠡᠢ ᠲᠠᠯᠠᠪᠠᠢ ᠶᠢᠨ36% ᠶᠢ ᠡᠵᠡᠯᠡᠨ᠂ ᠭᠤᠤᠯ ᠤᠷᠤᠰᠬᠠᠯ ᠤᠨ ᠤᠷᠳᠤ ᠨᠢ116.5 ᠺᠢᠯᠦᠮᠧᠲᠷ᠃ ᠪᠠᠷᠠᠭᠤᠨ ᠡᠮᠦᠨ᠎ᠡ ᠠᠴᠠ ᠵᠠᠬᠦᠨ ᠬᠤᠶᠢᠰᠢ ᠪᠠᠨ ᠮᠡᠶᠢᠷᠡᠨ ᠪᠠᠯᠭᠠᠰᠤ᠂ ᠸᠠᠩ ᠤᠨ ᠤᠷᠳᠤᠨ ᠪᠠᠯᠭᠠᠰᠤ᠂ ᠵᠢᠨᠱᠠᠨ ᠪᠠᠯᠭᠠᠰᠤ᠂ ᠨᠢᠦ ᠵᠢᠶᠠ ᠢᠩᠽᠢ ᠪᠠᠯᠭᠠᠰᠤ ᠶᠢ ᠲᠤᠭᠤᠯᠵᠤ᠂ ᠪᠦᠬᠦ ᠬᠤᠰᠢᠭᠤᠨ ᠤ ᠬᠠᠭᠠᠰ ᠠᠴᠠ ᠲᠡᠭᠡᠭᠰᠢ ᠰᠢᠶᠠᠩ ᠪᠠᠯᠭᠠᠰᠤ   ᠪᠠᠷ ᠦᠩᠬᠡᠷᠡᠵᠤ ᠪᠠᠶᠢᠳᠠᠭ᠃ ᠴᠢᠩ ᠤᠯᠤᠰ ᠤᠨ ᠦᠶ᠎ᠠ ᠳᠤ᠂ ᠬᠠᠷᠠᠴᠢᠨ ᠴᠢᠨ ᠸᠠᠩ ᠤᠨ ᠤᠷᠳᠤᠨ ᠠᠴᠠ ᠡᠨᠡᠬᠦ ᠭᠤᠤᠯ ᠢ ᠸᠠᠩ ᠤᠨ ᠤᠷᠳᠤᠨ ᠢ ᠲᠤᠭᠤᠷᠢᠭᠰᠠᠨ ︽ᠬᠠᠰ ᠪᠦᠰᠠ ︾ ᠬᠡᠵᠤ ᠵᠦᠢᠷᠯᠡᠵᠤ ᠪᠠᠶᠢᠵᠠᠢ᠃ ᠤᠷᠴᠢᠮ ᠤᠨ ᠵᠢᠯ ᠠᠴᠠ᠂ ᠬᠠᠷᠠᠴᠢᠨ ᠬᠤᠰᠢᠭᠤ ᠨᠢ ︽ᠤᠷᠢᠳᠠᠪᠠᠷ ᠦᠵᠡᠮᠵᠢ  ᠶᠢᠨ ᠭᠠᠵᠠᠷ ᠢ ᠪᠠᠶᠢᠭᠤᠯᠤᠨ ᠬᠤᠶᠢᠨ᠎ᠠ ᠨᠢ ᠨᠡᠬᠡᠬᠡᠨ ᠬᠦᠭᠵᠢᠬᠦᠯᠬᠦ︾ ᠦᠢᠯᠠᠭᠠᠭᠳᠠᠬᠤᠨ ᠢᠶᠠᠷ᠂ ᠵᠢᠨᠱᠠᠨ ᠬᠤᠳᠠ ᠲᠤᠭᠤᠷᠢᠭ ᠢ ᠦᠩᠬᠡᠷᠡᠵᠤ ᠪᠠᠶᠢᠭ᠎ᠠ ᠰᠢᠪᠡᠭᠡ ᠭᠤᠤᠯ ᠢ ᠬᠦᠢᠴᠡᠳ ᠠᠰᠢᠭᠯᠠᠨ᠂ ᠵᠢᠨᠱᠠᠨ ᠪᠠᠯᠭᠠᠰᠤ ᠶᠢ ᠤᠳᠤ ᠴᠠᠭ  ᠤᠨ ᠤᠮᠠᠷᠠᠳᠤ ᠶᠢᠨ ᠠᠭᠤᠯᠠ ᠤᠰᠤᠨ ᠤ ᠴᠡᠴᠡᠷᠯᠢᠭ ᠤᠨ ᠪᠠᠯᠭᠠᠰᠤ ᠪᠠᠷ ᠪᠦᠳᠦᠬᠡᠨ ᠪᠠᠶᠢᠭᠤᠯᠵᠠᠢ᠃ 1997 ᠤᠨ  ᠠᠴᠠ ᠨᠠᠰᠢ᠂ ᠨᠡᠶᠢᠳᠠ7 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠨ᠂ ᠤᠷᠢᠳ ᠬᠤᠵᠢᠳ ᠵᠢᠨᠱᠠᠨ ᠪᠠᠯᠭᠠᠰᠤ ᠲᠤᠭᠤᠷᠢᠭ ᠤᠨ ᠰᠠᠭᠤᠷᠢ ᠲᠦᠬᠦᠬᠡᠷᠦᠮᠵᠢ ᠶᠢᠨ ᠰᠠᠶᠢᠵᠢᠷᠠᠭᠤᠯᠤᠯᠳᠠ ᠶᠢᠨ ᠢᠨᠵᠧᠨᠧᠷᠢᠩ ᠪᠤᠯᠤᠨ ᠵᠢᠨᠱᠠᠨ ᠤᠰᠤᠨ ᠲᠡᠭᠡᠷᠡᠬᠢ ᠴᠡᠴᠡᠷᠯᠢᠭ᠂ ᠬᠤᠳᠠ ᠶᠢᠨ ᠠᠷᠠᠳ ᠤᠨ ᠠᠭᠤᠳᠠᠮ ᠲᠠᠯᠠᠪᠠᠢ᠂ ᠨᠠᠭᠤᠷ ᠤᠨ ᠬᠦᠪᠡᠭᠡ ᠶᠢᠨ ᠲᠠᠮᠢᠷ ᠤᠨ ᠴᠡᠴᠡᠷᠯᠢᠭ᠂ ᠬᠤᠳᠠ ᠶᠢᠨ ᠵᠠᠰᠠᠭ ᠤᠨ ᠤᠷᠳᠤᠨ ᠤ ᠠᠭᠤᠳᠠᠮ ᠲᠠᠯᠠᠪᠠᠢ᠂ ᠬᠤᠸᠠ ᠱᠠᠨ ᠰᠡᠯᠡᠬᠦᠴᠡᠯ ᠤᠨ ᠴᠡᠴᠡᠷᠯᠢᠭ ᠂ ᠡᠮᠦᠨ᠎ᠡ ᠤᠮᠠᠷᠠᠳᠤ ᠠᠭᠤᠯᠠ ᠶᠢᠨ ᠠᠮᠢ ᠠᠬᠤᠢ ᠶᠢᠨ ᠴᠡᠴᠡᠷᠯᠢᠭ ᠵᠡᠷᠬᠡ ᠤᠯᠠᠠ ᠭᠤᠤᠯᠳᠠᠯᠭ᠎ᠠ ᠲᠠᠢ ᠬᠤᠳᠠ ᠪᠠᠯᠭᠠᠰᠤ ᠶᠢᠨ ᠪᠠᠶᠢᠭᠤᠯᠤᠯᠳᠠ ᠶᠢᠨ ᠢᠨᠵᠧᠨᠧᠷᠢᠩ ᠢ ᠬᠡᠷᠡᠭᠵᠢᠬᠦᠯᠪᠡ᠃ ᠤᠳᠤᠬᠠᠨ ᠳᠤ᠂ ᠵᠢᠨᠱᠠᠨ ᠪᠠᠯᠭᠠᠰᠤ ᠲᠤᠭᠤᠷᠢᠭ ᠨᠢ ᠨᠢᠬᠡᠨᠳᠠ ᠤᠰᠤᠨ ᠲᠡᠭᠡᠷᠡᠬᠢ ᠴᠡᠴᠡᠷᠯᠢᠭ ᠢᠶᠠᠷ ᠲᠦᠪ ᠪᠤᠯᠭᠠᠭᠰᠠᠨ ᠡᠮᠦᠨᠡᠰᠢ ᠪᠠᠨ ᠬᠤᠳᠠ ᠶᠢᠨ ᠠᠷᠠᠳ ᠤᠨ ᠰᠤᠶᠤᠯ ᠤᠨ ᠠᠭᠤᠳᠠᠮ ᠲᠠᠯᠠᠪᠠᠢ᠂ ᠨᠠᠭᠤᠷ ᠤᠨ ᠬᠦᠪᠡᠭᠡ ᠶᠢᠨ ᠲᠠᠮᠢᠷ ᠤᠨ ᠴᠡᠴᠡᠷᠯᠢᠭ᠂ ᠡᠮᠦᠨ᠎ᠡ ᠠᠭᠤᠯᠠ ᠶᠢᠨ ᠠᠮᠢ ᠠᠬᠤᠢ ᠶᠢᠨ ᠴᠡᠴᠡᠷᠯᠢᠭ᠂ ᠬᠤᠶᠢᠰᠢ ᠪᠠᠨ ᠵᠠᠰᠠᠭ ᠤᠨ ᠤᠷᠳᠤᠨ ᠤ ᠠᠭᠤᠳᠠᠮ ᠲᠠᠯᠠᠪᠠᠢ᠂ ᠬᠤᠸᠠ ᠱᠠᠨ ᠠᠭᠤᠳᠠᠮ ᠲᠠᠯᠠᠪᠠᠢ᠂ ᠬᠤᠶᠢᠳᠤ ᠠᠭᠤᠯᠠ ᠶᠢᠨ ᠠᠮᠢ ᠠᠬᠤᠢ ᠶᠢᠨ ᠴᠡᠴᠡᠷᠯᠢᠭ ᠢ ᠬᠠᠮᠤᠷᠠᠭᠰᠠᠨ10 ᠮᠢᠨᠦ᠋ᠲ ᠤᠨ ᠲᠤᠭᠤᠷᠢᠨ ᠤ  ᠪᠤᠬᠢᠷᠳᠤᠯ ᠦᠬᠡᠢ ᠰᠡᠯᠡᠬᠦᠴᠡᠯ ᠤᠨ ᠲᠤᠭᠤᠷᠢᠭ ᠢ ᠪᠦᠷᠢᠯᠳᠦᠬᠦᠯᠵᠠᠢ᠃ ᠵᠢᠨᠱᠠᠨ ᠤᠰᠤᠨ ᠲᠡᠭᠡᠷᠡᠬᠢ ᠴᠡᠴᠡᠷᠯᠢᠭ ᠨᠢ ᠰᠢᠪᠡᠭᠡ ᠭᠤᠤᠯ ᠤᠨ ᠬᠤᠳᠠ ᠶᠢᠨ ᠰᠡᠷᠬᠡᠶᠢᠯᠡᠯᠳᠠ ᠶᠢᠨ ᠢᠨᠵᠧᠨᠧᠷᠢᠩ ᠪᠤᠯᠬᠤ  ᠪᠠᠷ ᠪᠠᠷᠠᠬᠤ ᠦᠬᠡᠢ ᠪᠠᠰᠠ ᠠᠭᠤᠯᠠ ᠤᠰᠤᠨ ᠤ ᠬᠦᠷᠢᠶᠡᠯᠡᠩ ᠤᠨ ᠬᠤᠳᠠ ᠪᠠᠯᠭᠠᠰᠤᠨ ᠤ ᠰᠢᠨᠵᠢ ᠲᠡᠮᠳᠡᠭ ᠤᠨ ᠴᠢᠨᠠᠷᠳᠠᠢ ᠦᠵᠡᠮᠵᠢ ᠶᠢᠨ ᠢᠨᠵᠧᠨᠧᠷᠢᠩ ᠪᠤᠯᠤᠨ᠎ᠠ᠂ ᠦᠵᠡᠮᠵᠢ ᠶᠢᠨ ᠤᠰᠤᠨ ᠤ ᠭᠠᠳᠠᠷᠭᠤ 600 ᠢᠯᠡᠬᠦᠦ ᠮᠤ᠋᠂ ᠤᠷᠳᠤ ᠨᠢ3000 ᠢᠯᠡᠬᠦᠦ ᠮᠧᠲᠷ᠃ ᠤᠰᠤᠨ ᠲᠡᠭᠡᠷᠡᠬᠢ ᠴᠡᠴᠡᠷᠯᠢᠭ ᠢ ᠪᠠᠶᠢᠭᠤᠯᠬᠤ ᠶᠢᠨ ᠬᠠᠮᠳᠤ᠂ ᠤᠰᠤᠨ ᠲᠡᠭᠡᠷᠡᠬᠢ ᠴᠡᠴᠡᠷᠯᠢᠭ ᠤᠨ ᠡᠷᠬᠢ ᠲᠠᠭᠠᠭᠰᠠᠨ ᠦᠵᠡᠮᠵᠢ ᠶᠢᠨ ᠪᠦᠳᠦᠬᠡᠨ ᠪᠠᠶᠢᠭᠤᠯᠤᠯᠳᠠ ᠶᠢᠨ ᠢᠨᠵᠧᠨᠧᠷᠢᠩ ᠢ ᠬᠡᠷᠡᠭᠵᠢᠬᠦᠯᠵᠤ᠂ ᠪᠠᠯᠭᠠᠰᠤ ᠲᠤᠭᠤᠷᠢᠭ ᠢ ᠰᠤᠨᠳᠠᠯᠠᠭᠰᠠᠨ ᠦᠵᠡᠮᠵᠢ ᠶᠢᠨ ᠪᠦᠰᠡ ᠶᠢ ᠪᠠᠶᠢᠭᠤᠯᠤᠨ᠂ ᠦᠵᠡᠮᠵᠢ ᠶᠢᠨ ᠪᠦᠰᠡ ᠳᠤ ᠰᠤᠶᠤᠯ ᠤᠨ ᠰᠡᠶᠢᠯᠦᠮᠡᠯ ᠤᠨ ᠤᠷᠳᠤ ᠬᠤᠩᠬᠢᠯ ᠢ ᠪᠠᠶᠢᠭᠤᠯᠵᠤ᠂ ᠵᠢᠨᠱᠠᠨ ᠬᠤᠳᠠ ᠪᠠᠯᠭᠠᠰᠤ ᠶᠢᠨ ᠰᠤᠶᠤᠯ ᠤᠨ ᠴᠢᠨᠠᠷ ᠢ ᠶᠡᠬᠡᠬᠡᠨ ᠲᠡᠭᠡᠭᠰᠢᠯᠡᠬᠦᠯᠵᠤ ᠴᠢᠳᠠᠵᠠᠢ᠃ ᠠᠭᠤᠯᠠ ᠤᠰᠤᠨ ᠤ ᠴᠡᠴᠡᠷᠯᠢᠭ ᠤᠨ ᠬᠤᠳᠠ ᠪᠠᠯᠭᠠᠰᠤ ᠶᠢᠨ ᠲᠡᠰ ᠢ ᠲᠡᠭᠡᠭᠰᠢᠯᠡᠬᠦᠯᠬᠦ ᠶᠢᠨ ᠲᠦᠯᠦᠬᠡ᠂ 2006 ᠤᠨ ᠠᠴᠠ ᠡᠬᠢᠯᠡᠨ ᠬᠠᠷᠠᠴᠢᠨ ᠬᠤᠰᠢᠭᠤ ᠨᠢ ᠬᠤᠳᠠ ᠶᠢᠨ ᠲᠤᠮᠳᠠᠬᠢ ᠲᠤᠰᠬᠤᠨ ᠢ ᠦᠬᠡᠷᠡᠴᠢᠯᠡᠬᠦ ᠠᠰᠢᠭᠳᠠᠢ ᠲᠤᠬᠢᠶᠠᠯ ᠢ ᠠᠳᠬᠤᠵᠤ᠂ ᠤᠰᠤᠨ ᠲᠡᠭᠡᠷᠡᠭᠢ ᠴᠡᠴᠡᠷᠯᠢᠭ ᠤᠨ ᠡᠬᠢ ᠰᠤᠷᠪᠤᠯᠵᠢ ᠶᠢᠨ ᠤᠰᠤ ᠳᠤ ᠲᠦᠰᠢᠭᠯᠡᠨ᠂ ᠨᠠᠭᠤᠷ ᠤᠨ ᠬᠦᠪᠡᠭᠡ ᠶᠢᠨ ᠲᠠᠮᠢᠷ ᠤᠨ ᠴᠡᠴᠡᠷᠯᠢᠭ  ᠳᠤ ᠶᠡᠷᠦᠩᠬᠡᠢ ᠲᠠᠯᠠᠪᠠᠢ108 ᠮᠤ᠋ ᠶᠢᠨ ᠵᠤᠬᠢᠶᠠᠮᠠᠯ ᠨᠠᠭᠤᠷ ᠢ ᠪᠠᠶᠢᠭᠤᠯᠤᠭᠰᠠᠨ ᠪᠠᠶᠢᠨ᠎ᠠ᠃ ᠨᠠᠭᠤᠷ ᠤᠨ ᠬᠦᠪᠡᠭᠡ ᠶᠢ ᠲᠠᠭᠠᠭᠤᠯᠤᠨ ᠤᠰᠤᠨ ᠤ ᠬᠠᠮᠢᠶᠠᠳᠠᠢ ᠲᠠᠪᠴᠠᠩ ᠪᠤᠯᠤᠨ ᠵᠤᠭ᠎ᠠ ᠴᠡᠩᠬᠡᠯ ᠤᠨ ᠲᠦᠬᠦᠬᠡᠷᠦᠮᠵᠢ ᠶᠢ ᠲᠤᠬᠢᠷᠠᠭᠤᠯᠵᠤ᠂ ᠬᠠᠮᠳᠤ ᠳᠤᠨᠢ ᠤᠰᠤᠨ ᠤ ᠡᠷᠬᠢ ᠶᠢᠨ ᠬᠤᠳᠠᠯᠳᠤᠭᠠᠨ ᠤ ᠰᠠᠭᠤᠬᠤ ᠬᠡᠷ ᠤᠨ ᠪᠦᠳᠦᠬᠡᠨ ᠪᠠᠶᠢᠭᠤᠯᠤᠯᠳᠠ ᠶᠢᠨ ᠢᠨᠵᠧᠨᠧᠷᠢᠩ ᠢ ᠬᠡᠷᠡᠭᠵᠢᠬᠦᠯᠪᠠ᠃ 2007 ᠵᠢᠯ ᠳᠤ᠂ ᠵᠢᠨᠱᠠᠨ ᠤᠰᠤᠨ ᠲᠡᠭᠡᠷᠡᠬᠢ ᠴᠡᠴᠡᠷᠯᠢᠭ ᠨᠢ ᠤᠯᠤᠰ ᠤᠨ ᠲᠡᠰ ᠤᠨ ᠤᠰᠤᠨ ᠠᠰᠢᠭᠯᠠᠯᠳᠠ ᠶᠢᠨ ᠦᠵᠡᠮᠵᠢ ᠶᠢᠨ ᠤᠷᠤᠨ ᠢᠶᠠᠷ ᠦᠨᠡᠯᠡᠭᠳᠡᠵᠤ᠂ ᠵᠢᠨᠱᠠᠨ ᠪᠠᠯᠭᠠᠰᠤ ᠨᠢ ︽ᠪᠦᠬᠦ ᠤᠯᠤᠰ ᠤᠨ ᠤᠷᠴᠢᠨ ᠲᠤᠭᠤᠷᠢᠨ ᠦᠵᠡᠰᠬᠦᠯᠡᠩ ᠪᠠᠯᠭᠠᠰᠤ︾ ᠶᠢᠨ ᠢᠷᠠᠭᠤ ᠠᠯᠳᠠᠷ ᠢ ᠬᠦᠷᠳᠡᠵᠠᠢ᠃ ᠦᠨᠦᠳᠦᠷ  ᠤᠨ ᠵᠢᠨᠱᠠᠨ ᠵᠢᠵᠢᠭ ᠪᠠᠯᠭᠠᠰᠤ ᠨᠢ ᠠᠭᠤᠯᠠ ᠬᠠᠶᠢᠷᠬᠠᠨ ᠳᠤ ᠬᠦᠷᠢᠶᠡᠯᠡᠭᠳᠡᠨ ᠤᠰᠤ ᠮᠦᠷᠡᠨ  ᠳᠤᠮᠳᠠᠭᠤᠷ ᠨᠢ ᠦᠩᠬᠡᠷᠡᠵᠤ᠂ ᠦᠪᠦᠷ ᠮᠤᠩᠭᠤᠯ ᠤᠨ ᠰᠢᠶᠠᠨ ᠤ ᠲᠡᠰ ᠤᠨ ᠵᠢᠵᠢᠭ ᠪᠠᠯᠭᠠᠰᠤ ᠶᠢᠨ ᠲᠤᠳᠤᠷ᠎ᠠ ᠬᠤᠪᠤᠷᠬᠠᠠ ᠪᠠᠶᠢᠵᠤ᠂ ᠨᠢᠬᠡᠨᠳᠠ ᠲᠤᠳᠤᠭᠠᠳᠤ ᠭᠠᠳᠠᠭᠠᠳᠤ ᠶᠢᠨ ᠵᠤᠭᠠᠴᠠᠭᠰᠠᠳ ᠤᠨ ᠬᠠᠷᠠᠴᠢᠨ ᠳᠤ ᠢᠷᠡᠵᠤ ᠦᠵᠡᠮᠵᠢ ᠰᠤᠨᠢᠷᠬᠠᠨ ᠵᠤᠭᠠᠴᠠᠨ ᠲᠤᠭᠤᠷᠢᠬᠤ ᠶᠢᠨ ᠴᠢᠬᠤᠯᠠ ᠭᠠᠵᠠᠷ ᠪᠤᠯᠤᠭᠰᠠᠨ ᠪᠠᠶᠢᠨ᠎ᠠ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号