ᠪᠤᠶᠠᠨ ᠬᠤᠷᠢᠶᠠᠭᠴᠢ ᠰᠦᠮ᠎ᠡ
ᠨᠡᠶᠢᠲᠡᠯᠡᠭᠰᠡᠨ ᠴᠠᠭ᠄
2017/12/28
  ᠪᠤᠶᠠᠨ ᠬᠤᠷᠢᠶᠠᠭᠴᠢ ᠰᠦᠮ᠎ᠡ ᠪᠤᠯ  ᠬᠠᠷᠠᠴᠢᠨ  ᠴᠢᠨ ᠸᠠᠩ ᠤᠨ  ᠭᠡᠷ ᠤᠨ ᠰᠦᠮ᠎ᠡ ᠶᠤᠮ᠃  ᠴᠢᠩ ᠤᠯᠤᠰ ᠤᠨ ᠦᠶ᠎ᠡ ᠳᠠᠬᠢ ᠮᠤᠩᠭᠤᠯ ᠤᠷᠤᠨ ᠤ ᠲᠥᠪᠡᠳ ᠤᠯᠠᠮᠵᠢᠯᠠᠯᠲᠦ ᠰᠦᠮ᠎ᠡ ᠬᠡᠶᠢᠳ  ᠤᠨ ᠨᠢᠭᠡ ᠪᠤᠯᠤᠨ᠎ᠠ᠃ ᠴᠢᠩ ᠤᠯᠤᠰ ᠤᠨ ᠡᠩᠬᠡ ᠠᠮᠤᠭᠤᠯᠠᠩ ᠤᠨ ᠦᠶ᠎ᠡ ᠳᠤ ᠡᠬᠢᠯᠡᠨ ᠪᠠᠶᠢᠭᠤᠯᠵᠤ᠂  ᠡᠵᠡᠯᠡᠬᠦ ᠭᠠᠵᠠᠷ ᠨᠢ 6136 ᠲᠡᠭᠰᠢ ᠲᠦᠷᠪᠡᠯᠵᠢᠨ  ᠮᠧᠲᠷ  ᠪᠠᠶᠢᠵᠤ᠂  ᠪᠠᠳᠠᠷᠠᠨ ᠬᠦᠭᠵᠢᠯᠲᠡ ᠶᠢᠨ ᠦᠶ᠎ᠡ ᠳᠡᠭᠡᠨ 450 ᠭᠠᠷᠤᠢ ᠯᠠᠮ᠎ᠠ ᠬᠤᠸᠠᠷᠠᠭ ᠲᠠᠢ ᠪᠠᠶᠢᠵᠠᠢ᠃ 2001 ᠣᠨ ᠳᠤ᠂ ᠤᠯᠤᠰ ᠤᠨ ᠴᠢᠬᠤᠯᠠ ᠲᠡᠤᠬᠡ ᠶᠢᠨ ᠳᠤᠷᠠᠰᠬᠠᠯᠲᠦ ᠵᠦᠢᠯ ᠢ ᠬᠠᠮᠠᠭᠠᠯᠠᠬᠤ ᠨᠢᠭᠡᠴᠡ ᠪᠠᠷ ᠵᠢᠭᠰᠠᠭᠠᠭᠳᠠᠵᠠᠢ᠃  ᠴᠢᠩ ᠤᠯᠤᠰ ᠤᠨ ᠦᠶ᠎ᠡ ᠳᠠᠬᠢ ᠸᠠᠩ ᠭᠦᠩ ᠤᠨ ᠡᠷᠬᠡ ᠬᠦᠴᠦᠨ ᠮᠠᠰᠢ ᠶᠡᠭᠡ ᠲᠤᠯᠠ᠂  ᠲᠤᠰ ᠭᠡᠷ ᠤᠨ ᠰᠦᠮ᠎ᠡ  ᠢ ᠴᠦ ᠮᠠᠰᠢ ᠰᠦᠷ ᠵᠢᠪᠬᠤᠯᠠᠩ ᠲᠠᠢ  ᠪᠠᠶᠢᠭᠤᠯᠵᠠᠢ᠃   ᠰᠦᠮ᠎ᠡ  ᠨᠢ ᠬᠤᠶᠠᠷ  ᠬᠦᠷᠢᠶ᠎ᠡ᠂ ᠲᠠᠪᠤᠨ ᠲᠤᠭᠠᠩ ᠢᠶᠠᠷ ᠪᠦᠷᠢᠯᠳᠦᠵᠦ᠂ 200 ᠢᠯᠡᠭᠦᠦ  ᠪᠤᠷᠬᠠᠨ ᠤ ᠬᠦᠷᠦᠭ ᠵᠢᠷᠤᠭ ᠢ ᠲᠠᠬᠢᠵᠤ ᠪᠠᠶᠢᠨ᠎ᠠ᠃  ᠬᠡᠳᠦᠶᠢᠪᠡᠷ ᠰᠤᠶᠤᠯ ᠤᠨ ᠬᠤᠪᠢᠰᠬᠠᠯ ᠤᠨ  ᠦᠶ᠎ᠡ ᠳᠤ  ᠡᠪᠳᠡᠭᠳᠡᠭᠰᠡᠨ ᠪᠤᠯᠪᠠᠴᠤ᠂ ᠬᠤᠵᠢᠮ  ᠨᠢ ᠬᠡᠳᠦᠨᠳᠡ ᠵᠠᠰᠠᠨ ᠰᠡᠯᠪᠢᠬᠦ ᠪᠠᠷ ᠳᠠᠮᠵᠢᠵᠤ᠂ 1997 ᠣᠨ  ᠳᠤ ᠳᠠᠬᠢᠨ ᠠᠮᠢᠯᠠᠵᠤ᠂  ᠰᠢᠨ᠎ᠡ ᠶᠢᠨ ᠨᠢᠭᠡᠨ᠂ ᠠᠷᠪᠠᠨ ᠲᠠᠪᠤᠨ ᠳᠤ ᠬᠤᠷᠠᠯ ᠬᠤᠷᠠᠬᠤ  ᠂  7 ᠰᠠᠷ᠎ᠠ  ᠶᠢᠨ 15 ᠳᠤ ᠰᠦᠮ᠎ᠡ ᠶᠢᠨ ᠬᠤᠷᠠᠯ᠂  ᠴᠠᠮ᠎ᠠ ᠦᠰᠦᠷᠬᠦ ᠵᠡᠷᠭᠡ ᠭᠤᠣᠯ ᠱᠠᠰᠢᠨ ᠤ ᠠᠵᠢᠯᠯᠠᠭ᠎ᠠ ᠶᠢ  ᠰᠡᠷᠭᠦᠭᠡᠵᠡᠢ᠃    ᠪᠤᠶᠠᠨ ᠬᠤᠷᠢᠶᠠᠭᠴᠢ ᠰᠦᠮ᠎ᠡ ᠨᠢ ᠴᠢᠩ ᠤᠯᠤᠰ  ᠤᠨ ᠡᠷᠲᠡᠨ ᠤ ᠦᠶ᠎ᠡ ᠶᠢᠨ ᠭᠡᠭᠡᠨᠴᠢᠷ ᠭᠤᠶᠤᠮᠰᠤᠭ ᠪᠠᠷᠢᠯᠭ᠎ᠠ ᠶᠢᠨ ᠬᠡᠪ ᠨᠠᠮᠪᠠᠭ᠎ᠠ ᠲᠠᠢ ᠪᠠᠶᠢᠵᠤ᠂ ᠲᠤᠮᠳᠠᠳᠤ ᠤᠯᠤᠰ ᠤᠨ ᠬᠤᠶᠢᠲᠤ ᠤᠷᠤᠨ ᠤ ᠵᠠᠰᠠᠭ ᠲᠦᠷᠥ ᠶᠢᠨ ᠰᠦᠷ ᠵᠢᠪᠬᠤᠭ᠎ᠠ ᠶᠢ ᠭᠦᠢᠴᠡᠳ ᠬᠠᠷᠢᠭᠤᠯᠵᠠᠢ᠃ ᠰᠦᠮ᠎ᠡ ᠶᠢᠨ  ᠡᠮᠦᠨᠡᠬᠢ ᠲᠦᠷᠪᠡᠨ ᠮᠠᠬᠠᠷᠠᠨᠵᠠ ᠶᠢᠨ ᠬᠠᠷᠰᠢ  ᠤᠨ ᠡᠭᠦᠳᠡᠨ ᠳᠠᠬᠢ ᠦᠨᠳᠦᠷ ᠲᠤᠭ ᠤᠨ ᠲᠡᠭᠡᠷ᠎ᠡ  ︽ ᠤᠸ᠋ᠮ ᠮᠠ ᠨᠢ ᠫᠠᠳ ᠮᠧᠢ ᠬᠤᠩ︾  ᠬᠡᠮᠡᠬᠦ  ᠬᠤᠮᠰᠢᠮ  ᠪᠤᠳᠢᠰᠠᠳ᠋ᠸ᠎ᠠ ᠶᠢᠨ ᠵᠢᠷᠦᠬᠡᠨ ᠲᠠᠷᠨᠢ ᠶᠢ ᠪᠢᠴᠢᠵᠥ᠂  ᠳᠦᠷᠪᠡᠨ ᠶᠡᠭᠡ ᠮᠠᠬᠠᠷᠠᠨᠵᠠ ᠠᠨᠤ ᠵᠦᠢᠯ ᠪᠦᠷᠢ ᠶᠢᠨ ᠲᠤᠭᠰᠢᠨ ᠳᠦᠷᠢ ᠶᠢ ᠢᠯᠡᠷᠡᠭᠦᠯᠵᠦ᠂  ᠳᠦᠷᠪᠡᠨ ᠵᠤᠪᠬᠢᠰ ᠢ ᠰᠠᠬᠢᠨ  ᠠᠬᠤ ᠪᠤᠯᠠᠢ᠃     ᠮᠠᠬᠠᠷᠠᠨᠵᠠ ᠶᠢᠨ ᠬᠠᠷᠰᠢ ᠪᠠᠷ ᠲᠣᠳᠤᠭᠰᠢ ᠤᠷᠤᠪᠠᠰᠤ᠂  ᠭᠤᠣᠯ ᠳᠤᠨᠢ ᠲᠠᠪᠤᠨ ᠲᠠᠰᠤᠯᠭ᠎ᠠ ᠶᠡᠭᠡ ᠬᠠᠷᠰᠢ ᠦᠵᠡᠭᠳᠡᠵᠦ᠂ ᠬᠤᠶᠠᠷ ᠲᠠᠯ᠎ᠠ ᠳᠤᠨᠢ ᠬᠡᠩᠭᠡᠷᠭᠡ ᠶᠢᠨ ᠠᠰᠠᠷ ᠰᠦᠨᠳᠡᠷᠯᠡᠮᠤᠢ᠃ ᠰᠢᠨ᠎ᠡ ᠶᠢᠨ ᠨᠢᠭᠡᠨ᠂ ᠠᠷᠪᠠᠨ ᠲᠠᠪᠤᠨ ᠤ ᠶᠡᠭᠡ ᠬᠤᠷᠠᠯ ᠬᠤᠷᠠᠬᠤ ᠦᠶᠡᠰ ᠡᠨᠡ ᠬᠡᠩᠭᠡᠷᠭᠡ ᠶᠢ ᠳᠡᠯᠳᠡᠳᠡᠭ ᠪᠤᠯᠠᠢ᠃ ᠶᠡᠭᠡ ᠬᠠᠷᠰᠢ ᠲᠤᠷ  ᠴᠠᠭᠯᠠᠰᠢ ᠦᠭᠡᠢ ᠤᠷᠲᠤ ᠨᠠᠰᠤᠲᠤ ᠪᠤᠷᠬᠠᠨ᠂ ᠴᠠᠭᠠᠨ ᠳ᠋ᠠᠷᠠᠢ ᠡᠬᠡ᠂  ᠨᠠᠮᠵᠢᠯᠠᠮ᠎ᠠ ᠲᠡᠶᠢᠨ ᠢᠯᠠᠭᠤᠭᠰᠠᠨ ᠡᠬᠡ ᠶᠢ ᠲᠠᠬᠢᠵᠤ ᠪᠠᠶᠢᠳᠠᠭ᠃     ᠭᠤᠷᠪᠠᠳᠤᠭᠠᠷ ᠶᠡᠭᠡ  ᠬᠠᠷᠰᠢ ᠪᠤᠯᠪᠠᠰᠤ  ᠴᠤᠭᠵᠢᠨ ᠲᠣᠭᠠᠩ ᠪᠤᠯᠠᠢ᠃ ᠳᠡᠭᠡᠷ᠎ᠡ ᠲᠤᠤᠷ᠎ᠠ ᠨᠡᠶᠢᠲᠡ49 ᠲᠠᠰᠤᠯᠭ᠎ᠠ ᠲᠠᠢ᠂ ᠭᠤᠣᠯ ᠳᠤᠮᠳᠠ ᠠᠨᠤ ᠰᠢᠷ᠎ᠠ ᠶᠢᠨ ᠱᠠᠰᠢᠨ ᠢ ᠡᠭᠦᠰᠭᠡᠨ ᠪᠠᠶᠢᠭᠤᠯᠤᠭᠴᠢ  ᠽᠦᠩᠺᠠᠸ᠎ᠠ ᠶᠢᠨ ᠠᠯᠲᠠᠨ ᠭᠦᠷᠦᠭ ᠢ ᠲᠠᠬᠢᠵᠤ ᠪᠠᠶᠢᠳᠠᠭ᠃ ᠲᠤᠭᠠᠩ ᠤᠨ ᠬᠠᠶᠠᠭ᠎ᠠ ᠳᠤᠷ ᠨᠢ ᠠᠷᠪᠠᠨ ᠨᠠᠢᠮᠠᠨ ᠠᠷᠬᠠᠳ ᠤᠨ ᠬᠦᠷᠦᠭ ᠢ  ᠪᠦᠳᠦᠭᠡᠵᠦ᠂ ᠪᠤᠷᠬᠠᠨ ᠪᠠᠭᠰᠢ ᠶᠢᠨ ᠵᠠᠷᠯᠢᠭ ᠢᠶᠠᠷ ᠱᠠᠰᠢᠨ ᠢ ᠪᠠᠳᠠᠷᠠᠭᠤᠯᠵᠤ ᠪᠠᠶᠢᠳᠠᠭ᠃     ᠳᠦᠷᠪᠡᠳᠦᠭᠡᠷ ᠶᠡᠭᠡ ᠬᠠᠷᠰᠢ ᠪᠤᠯᠪᠠᠰᠤ  ᠭᠤᠷᠪᠠᠨ ᠲᠠᠰᠤᠯᠭ᠎ᠠ ᠵᠤᠤ ᠶᠢᠨ ᠰᠦᠮ᠎ᠡ ᠪᠤᠯᠠᠢ᠃ ᠪᠤᠷᠬᠠᠨ ᠪᠠᠭᠰᠢ ᠱᠠᠭᠵᠠᠮᠤᠨᠢ ᠶᠢ ᠲᠥᠪ ᠳᠤᠮᠳᠠ ᠳᠤᠷ ᠲᠠᠬᠢᠮᠤᠢ᠃  ᠰᠦᠮ᠎ᠡ ᠶᠢᠨ ᠬᠠᠶᠠᠭᠠᠨ ᠲᠠᠭᠡᠷ᠎ᠡ  ᠱᠠᠭᠵᠠᠮᠤᠨᠢ ᠶᠢᠨ ᠠᠷᠪᠠᠨ ᠬᠤᠶᠠᠷ ᠵᠤᠬᠢᠶᠠᠩᠭᠤᠢ ᠶᠢ ᠪᠢᠴᠢᠭᠯᠡᠨ ᠵᠢᠷᠤᠭᠰᠠᠨ ᠪᠠᠶᠢᠨ᠎ᠠ᠃     ᠲᠠᠪᠤᠳᠤᠭᠠᠷ ᠶᠡᠭᠡ ᠬᠠᠷᠰᠢ ᠳᠤᠷ ᠮᠠᠶᠢᠳᠠᠷᠢ ᠪᠤᠷᠬᠠᠨ ᠢ ᠲᠠᠬᠢᠵᠤ ᠪᠠᠶᠢᠳᠠᠭ᠃ᠪᠤᠰᠤᠳ ᠬᠠᠵᠢᠭᠤ ᠶᠢᠨ ᠬᠠᠷᠰᠢ ᠳᠤᠷ ᠣᠳᠠᠴᠢ ᠪᠤᠷᠬᠠᠨ᠂  ᠮᠠᠨᠽᠤᠰᠢᠷᠢ᠂ ᠪᠠᠳᠮᠠᠵᠤᠩᠨᠠᠢ᠂ ᠶᠠᠮᠠᠨᠳᠠᠭ ᠵᠡᠷᠭᠡ ᠪᠤᠷᠬᠠᠳ ᠢ ᠲᠠᠬᠢᠵᠤ ᠪᠠᠶᠢᠳᠠᠭ ᠶᠤᠮ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号