ᠮᠤᠵᠢᠶᠠᠩ ᠤᠨ ᠳᠠᠪᠠᠭ᠎ᠠ
ᠨᠡᠶᠢᠲᠡᠯᠡᠭᠰᠡᠨ ᠴᠠᠭ᠄
2017/12/27
 ᠮᠤᠵᠢᠶᠠᠩ ᠤᠨ ᠳᠠᠪᠠᠭ᠎ᠠ       ᠮᠤᠵᠢᠶᠠᠩ ᠤᠨ ᠳᠠᠪᠠᠭ᠎ᠠ ᠨᠢ ᠦᠪᠦᠷ ᠮᠤᠩᠭᠤᠯ  ᠤᠨ ᠬᠠᠷᠠᠴᠢᠨ ᠬᠤᠰᠢᠭᠤ᠂  ᠨᠢᠩᠴᠧᠩ ᠰᠢᠶᠠᠨ᠂ ᠾᠧᠪᠧ ᠮᠤᠵᠢ ᠶᠢᠨ ᠯᠦᠩ  ᠬᠤᠸᠠ ᠰᠢᠶᠠᠨ᠂ ᠸᠧᠢ ᠴᠠᠩ ᠰᠢᠶᠠᠨ  ᠵᠡᠷᠭᠡ ᠲᠦᠷᠪᠡᠨ ᠰᠢᠶᠠᠨ  ᠤ ᠠᠭᠤᠯᠵᠠᠭᠤᠷ ᠲᠤ ᠪᠠᠶᠢᠳᠠᠭ᠃  ᠤᠯᠠᠭᠠᠨᠬᠠᠳᠠ ᠤᠷᠤᠨ ᠠᠴᠠ ᠴᠧᠩᠳᠧ  ᠂ ᠪᠡᠭᠡᠵᠢᠩ ᠬᠦᠷᠬᠦ ᠴᠢᠬᠤᠯᠠ ᠵᠠᠮ ᠬᠠᠷᠢᠯᠴᠠᠭᠠᠨ ᠤ ᠪᠤᠭᠤᠮᠲᠠ ᠮᠦᠨ᠃  ᠳᠠᠯᠠᠢ ᠶᠢᠨ ᠲᠦᠪᠰᠢᠨ ᠠᠴᠠ 1300---1700  ᠮᠧᠲᠷ ᠤᠷᠴᠢᠮ ᠦᠨᠳᠦᠷ᠃  ᠮᠤᠤ ᠵᠢᠩ ᠪᠠ ᠨᠦᠬᠡᠨ ᠵᠠᠮ ᠨᠢ 2370 ᠮᠧᠲᠷ ᠤᠷᠲᠤ ᠪᠠᠶᠢᠵᠤ᠂  ᠦᠪᠦᠷ ᠮᠤᠩᠭᠤᠯ ᠤᠨ ᠨᠢᠭᠡᠳᠦᠭᠡᠷ ᠨᠦᠬᠡᠨ ᠵᠠᠮ ᠬᠡᠵᠤ ᠠᠯᠳᠠᠷᠰᠢᠵᠠᠢ᠃       ᠮᠤᠵᠢᠶᠠᠩ ᠤᠨ ᠳᠠᠪᠠᠭ᠎ᠠ ᠶᠢ ᠬᠤᠯᠠ ᠠᠴᠠ ᠬᠠᠷᠠᠬᠤ ᠳᠤ ᠶᠠᠭ ᠯᠠ ᠰᠣᠨᠤᠯᠵᠠᠨ ᠬᠡᠪᠲᠡᠭᠰᠡᠨ ᠠᠪᠤᠷᠭᠤ ᠯᠤᠤ ᠰᠢᠭ ᠪᠠᠶᠢᠵᠤ᠂  ᠬᠠᠪᠤᠷ ᠴᠠᠭ ᠳᠠᠪᠠᠭ᠎ᠠ ᠶᠢᠨ ᠠᠷᠤ ᠴᠠᠰᠤ ᠮᠦᠰᠦ ᠲᠦᠮᠡᠨ ᠭᠠᠵᠠᠷ ᠪᠠᠶᠢᠳᠠᠯ᠎ᠠ᠂ ᠳᠠᠪᠠᠭ᠎ᠠ ᠶᠢᠨ ᠡᠩᠭᠡᠷ ᠬᠠᠭᠳᠠ ᠴᠤᠬᠤᠶᠢᠵᠤ ᠬᠤᠸᠠᠷ ᠴᠡᠴᠡᠭ  ᠥᠩᠭᠡ  ᠪᠤᠯᠢᠶᠠᠯᠳᠤᠨ ᠦᠨᠡᠬᠡᠷ ᠵᠤᠶᠢᠷᠯᠡᠬᠦ ᠶᠢᠨ ᠠᠷᠭ᠎ᠠ ᠦᠭᠡᠢ ᠭᠤᠶᠢᠳᠠ ᠪᠤᠯᠠᠢ᠃  ᠠᠭᠠᠬᠢᠮ᠎ᠠ  ᠬᠠᠯᠠᠭᠤᠨ ᠵᠤᠨ ᠤ ᠦᠳᠡ ᠳᠤ ᠳᠠᠪᠠᠭ᠎ᠠ ᠶᠢᠨ ᠤᠷᠤᠢ ᠳᠤ ᠭᠠᠷᠬᠤᠯ᠎ᠠ᠂ ᠰᠡᠷ ᠰᠡᠷ ᠰᠡᠷᠢᠭᠦᠨ ᠵᠢᠪᠠᠷ ᠦᠯᠢᠶᠡᠵᠦ᠂ ᠰᠡᠳᠬᠢᠯ ᠰᠡᠷᠭᠦᠵᠦ ᠮᠠᠰᠢ ᠲᠠᠭᠠᠯᠠᠮᠵᠢᠲᠠᠢ ᠪᠠᠶᠢᠳᠠᠭ᠃ ᠦᠳᠡᠰᠢ ᠶᠢᠨ ᠨᠠᠷᠠᠨ ᠤ ᠤᠯᠠᠪᠢᠷ ᠲᠤᠶᠠᠭᠠᠨ ᠳᠤ ᠠᠭᠤᠯᠠ ᠳᠦᠭᠦᠷᠡᠩ ᠪᠠᠲᠤᠴᠠᠭᠠᠨ ᠤ ᠨᠠᠪᠴᠢᠰ ᠤᠯᠠᠶᠢᠵᠤ ᠬᠠᠷᠠᠭᠳᠠᠨ᠂  ︽ᠠᠪᠤᠷᠭᠤ ᠯᠤᠤ ︾  ᠠᠴᠠ ᠲᠦᠮᠡᠨ ᠵᠤᠷᠪᠤᠰ ᠤᠯᠠᠭᠠᠨ ᠭᠡᠷᠡᠯ ᠰᠠᠴᠤᠷᠠᠬᠤ ᠮᠡᠲᠦ ᠪᠤᠯᠠᠢ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号