ᠮᠠᠶᠢᠷᠠᠨ ᠭᠤᠤ ᠶᠢᠨ ᠠᠮᠢ ᠠᠬᠤᠢ ᠶᠢᠨ ᠵᠤᠭᠠᠴᠠᠯ ᠤᠨ ᠤᠷᠤᠨ
ᠨᠡᠶᠢᠲᠡᠯᠡᠭᠰᠡᠨ ᠴᠠᠭ᠄
2017/12/27
                        ᠮᠠᠶᠢᠷᠠᠨ ᠭᠤᠤ ᠶᠢᠨ ᠠᠮᠢ ᠠᠬᠤᠢ ᠶᠢᠨ ᠵᠤᠭᠠᠴᠠᠯ ᠤᠨ ᠤᠷᠤᠨ ᠨᠢ ᠬᠠᠷᠠᠴᠢᠨ ᠬᠤᠰᠢᠭᠤᠨ ᠤ ᠮᠠᠶᠢᠷᠠᠨ ᠪᠠᠯᠭᠠᠰᠤᠨ ᠳᠤ ᠪᠠᠶᠢᠵᠤ᠂ ᡂᠢ ᠮᠣᠣ ᠨᠢᠬᠡᠳᠦᠬᠡᠷ ᠲᠡᠰ ᠤᠨ ᠵᠠᠰᠠᠮᠠᠯ ᠵᠠᠮ ᠢᠶᠠᠷ ᠰᠢᠭᠤᠳ ᠦᠵᠡᠮᠵᠢ ᠶᠢᠨ ᠤᠷᠤᠨ  ᠳᠤ ᠬᠦᠷᠴᠦ ᠪᠤᠯᠳᠠᠭ᠂ ᠪᠠᠷᠠᠭᠤᠨᠰᠢ ᠪᠡᠬᠡᠵᠢᠩ ᠠᠴᠠ299 ᠺᠢᠯᠦᠮᠧᠲᠷ᠂ ᠴᠡᠩᠳᠧ ᠠᠴᠠ87 ᠺᠢᠯᠦᠮᠧᠲᠷ ᠵᠠᠶᠢᠳᠠᠢ᠂ ᠵᠡᠬᠦᠨᠰᠢ ᠤᠯᠠᠭᠠᠨᠬᠠᠳᠠ ᠠᠴᠠ90 ᠺᠢᠯᠦᠮᠧᠲᠷ ᠵᠠᠶᠢᠳᠠᠢ᠃ ᠮᠠᠶᠢᠷᠡᠨ ᠭᠤᠤ ᠶᠢᠨ ᠦᠵᠡᠮᠵᠢ ᠶᠢᠨ ᠤᠷᠤᠨ ᠤ ᠶᠡᠷᠦᠩᠬᠡᠢ ᠲᠠᠯᠠᠪᠠᠢ90 ᠲᠡᠭᠰᠢ ᠲᠦᠷᠪᠡᠯᠵᠢᠨ ᠺᠢᠯᠦᠮᠧᠲᠷ᠂ ᠨᠢᠬᠡᠨ ᠪᠠᠯᠠᠷᠯᠢᠭ ᠤᠢ ᠪᠠ ᠠᠭᠤᠯᠠᠨ ᠪᠡᠯ ᠤᠨ ᠨᠤᠭᠤ ᠭᠠᠵᠠᠷ ᠢᠶᠠᠷ ᠭᠤᠤᠯ ᠴᠤᠭᠴᠠ ᠶᠢᠨ ᠦᠵᠡᠮᠵᠢ ᠪᠠᠨ ᠪᠤᠯᠭᠠᠭᠰᠠᠨ ᠵᠤᠭᠠᠴᠠᠯ ᠤᠨ ᠠᠮᠠᠷᠠᠵᠤ ᠰᠡᠯᠡᠬᠦᠴᠡᠬᠦ ᠦᠵᠡᠮᠵᠢᠳᠦ ᠭᠠᠵᠠᠷ ᠪᠤᠯᠤᠨ᠎ᠠ᠃      ᠮᠠᠶᠢᠷᠡᠨ ᠭᠤᠤ ᠶᠢᠨ ᠤᠢ ᠮᠤᠳᠤ ᠢᠭ᠌ᠴᠢ ᠰᠠᠬᠤᠯᠢᠭ᠂ ᠠᠭᠤᠷ ᠠᠮᠢᠰᠬᠤᠯ ᠰᠡᠷᠢᠬᠦᠨ ᠲᠠᠭᠠᠯᠠᠮᠵᠢᠳᠠᠢ᠂ ᠬᠤᠷ᠎ᠠ ᠲᠤᠨᠳᠠᠰᠤ ᠡᠯᠪᠡᠭ᠂ ᠦᠩᠬᠡ ᠦᠵᠡᠮᠵᠢ ᠪᠦᠷᠢᠳᠦᠭᠰᠡᠨ ᠬᠦᠮᠦᠨ ᠤ ᠰᠡᠳᠬᠢᠯ ᠳᠤ ᠠᠶᠠᠳᠠᠢ ᠰᠠᠶᠢᠬᠠᠨ ᠪᠠᠶᠢᠳᠠᠭ᠃ ᠭᠤᠤ ᠶᠢᠨ ᠲᠤᠳᠤᠷ᠎ᠠ ᠠᠷᠢᠶᠠᠳᠡᠨ ᠬᠦᠷᠦᠭᠡᠰᠦ ᠪᠠᠶᠢᠩᠭᠤ ᠬᠠᠷᠠᠭᠳᠠᠨ᠂ ᠤᠯᠠᠨ ᠰᠢᠪᠠᠭᠤᠳ ᠴᠤᠭᠯᠠᠷᠠᠨ᠂ ᠲᠡᠦᠬᠡᠨ ᠲᠡᠭᠡᠷ᠎ᠠ ᠲᠠᠷᠤᠢ ᠮᠤ᠋ ᠯᠠᠨ ᠤ ᠬᠤᠮᠤᠷᠭ᠎ᠠ ᠶᠢᠨ ᠭᠠᠵᠠᠷ ᠤᠨ ᠨᠢᠬᠡ ᠬᠡᠰᠡᠭ ᠪᠤᠯᠤᠨ᠎ᠠ᠃ ᠭᠤᠤ ᠶᠢᠨ ᠲᠤᠳᠤᠷ᠎ᠠ ᠬᠠᠴᠢᠨ ᠵᠢᠭᠳᠡᠢ ᠡᠭᠴᠠ ᠠᠰᠬ᠎ᠠ ᠠᠭᠤᠯᠠᠨ ᠬᠠᠳᠠ ᠲᠠᠢ ᠪᠦᠬᠡᠳ ᠤᠯᠠᠨ ᠠᠭᠤᠯᠠᠨ ᠤ ᠪᠤᠯᠠᠭ ᠤᠨ ᠤᠷᠤᠰᠬᠠᠯ ᠭᠤᠤᠯ ᠲᠠᠢ᠂ ᠨᠡᠷᠡᠳᠦ ᠰᠢᠪᠡᠭᠡ ᠭᠤᠤᠯ ᠨᠢ ᠠᠳᠠ ᠠᠴᠠ ᠡᠬᠢ ᠠᠪᠴᠦ ᠪᠠᠶᠢᠳᠠᠭ᠃ ᠲᠡᠷᠠ ᠨᠢ ᠭᠤᠤ ᠭᠠᠩᠭ᠎ᠠ ᠶᠢ ᠤᠷᠤᠰᠤᠨ ᠦᠩᠬᠡᠷᠡᠬᠦ ᠳᠡᠭᠡᠨ ᠦᠵᠡᠮᠵᠢ ᠶᠢᠨ ᠤᠷᠤᠨ ᠤ ᠲᠤᠳᠤᠷᠠᠬᠢ ᠤᠯᠠᠨ ᠭᠠᠵᠠᠷ ᠤᠨ ᠪᠤᠯᠠᠭ ᠤᠨ ᠤᠷᠤᠰᠬᠠᠯ ᠲᠠᠢ ᠨᠡᠶᠢᠯᠡᠵᠤ᠂ ᠤᠰᠤᠨ ᠤ ᠤᠷᠤᠰᠬᠠᠯ ᠨᠢ ᠰᠧᠺᠦ᠋ᠨ᠋ᠳ᠋ ᠪᠦᠷᠢ0.4 ᠲᠡᠭᠰᠢ ᠲᠦᠷᠪᠡᠯᠵᠢᠨ ᠮᠧᠲᠷ ᠤᠨ ᠤᠷᠴᠢᠮ ᠬᠦᠷᠴᠦ ᠪᠠᠶᠢᠨ᠎ᠠ᠃ ᠤᠷᠳᠤ ᠬᠤᠭᠤᠴᠠᠭᠠᠨ ᠤ ᠭᠠᠵᠠᠷ ᠤᠨ ᠭᠠᠳᠠᠷᠭᠤ ᠶᠢᠨ ᠬᠦᠳᠡᠯᠬᠡᠬᠡᠨ ᠪᠤᠯᠤᠨ ᠦᠨᠳᠦᠷ ᠠᠭᠤᠯᠨ ᠠᠴᠠ ᠤᠰᠤᠨ ᠤᠷᠤᠰᠬᠠᠯ ᠲᠤᠷᠤᠭᠰᠢ ᠪᠠᠭᠤᠬᠤ ᠦᠢᠯᠡᠳᠦᠯ ᠠᠴᠠ ᠪᠤᠯᠵᠤ ᠲᠤᠰ ᠤᠷᠤᠨ ᠳᠤ19 ᠬᠡᠰᠡᠭ ᠠᠭᠤᠯᠠᠨ ᠪᠡᠯ ᠤᠨ ᠬᠤᠷᠮᠦᠢ ᠪᠤᠯᠤᠨ ᠦᠨᠳᠦᠷ ᠠᠭᠤᠯᠠᠨ ᠤ ᠨᠤᠶᠢᠳᠠᠨ ᠭᠠᠵᠠᠷ ᠲᠤ ᠬᠠᠭᠰᠢᠭᠰᠠᠨ ᠬᠡᠰᠡᠭ ᠢ ᠪᠦᠷᠢᠯᠳᠦᠬᠦᠯᠦᠨ᠂ ᠲᠡᠳᠡᠨᠠᠷ ᠨᠢ ᠲᠤᠭᠤᠷᠢᠭᠰᠠᠨ ᠬᠡᠯᠪᠡᠷᠢ ᠪᠠᠷ ᠨᠦᠮᠦᠷᠢ ᠪᠠᠶᠢᠭ᠎ᠠ ᠠᠭᠤᠯᠠᠨ ᠤ ᠬᠤᠷᠮᠤᠢ ᠳᠤ ᠲᠠᠷᠬᠠᠭᠠᠵᠤ᠂ ᠤᠰᠤ ᠡᠪᠡᠰᠦ ᠪᠠᠶᠠᠯᠢᠭ ᠰᠠᠶᠢᠬᠠᠨ᠂ ᠰᠢᠪᠠᠭᠤᠳ ᠨᠢ ᠲᠤᠩᠭᠤᠳᠴᠤ  ᠴᠡᠴᠡᠭᠡᠰ ᠨᠢ ᠲᠡᠯᠬᠡᠷᠡᠨ᠂ ᠶᠡᠭᠡ ᠪᠠᠶᠢᠭᠠᠯᠢ ᠶᠢᠨ ᠰᠤᠨᠢᠨ ᠰᠠᠶᠢᠬᠠᠨ ᠢ ᠬᠠᠷᠠᠵᠤ ᠵᠢᠷᠭᠠᠯ ᠤᠨ ᠤᠷᠤᠨ ᠳᠤ ᠬᠦᠷᠦᠭᠰᠡᠨ ᠮᠡᠳᠦ ᠰᠠᠨᠠᠭᠳᠠᠭᠤᠯᠳᠠᠭ᠃ ᠭᠤᠤ ᠶᠢᠨ ᠲᠤᠳᠤᠷ᠎ᠠ ᠬᠠᠮᠤᠭ ᠠᠯᠳᠠᠷᠳᠠᠢ ᠦᠵᠡᠮᠵᠢ ᠶᠢᠨ ᠤᠷᠤᠨ ᠨᠢ ᠭᠤᠭᠤᠳ ᠤᠨ ᠠᠰᠠᠷ ᠪᠤᠯᠤᠨ ᠤᠰᠤ ᠰᠢᠪᠡᠷᠡᠬᠦ ᠲᠠᠪᠤᠷ᠎ᠠ ᠪᠤᠯᠤᠨ᠎ᠠ᠃ ᠰᠢᠪᠡᠭᠡ ᠭᠤᠤᠯ ᠤᠨ ᠡᠬᠢ ᠠᠴᠠ ᠠᠭᠤᠯᠠ ᠶᠢ ᠲᠠᠭᠠᠵᠤ ᠲᠡᠭᠡᠭᠰᠢ ᠭᠠᠷᠪᠠᠯ ᠵᠢᠮᠢᠰ  ᠤᠨ ᠮᠤᠳᠤᠨ ᠤ ᠬᠤᠳᠤᠭᠤᠷ ᠳᠤ ᠤᠷᠤᠵᠤ᠂ ᠴᠡᠴᠡᠭᠡᠰ ᠤᠨ ᠪᠠᠯ ᠳᠤ ᠬᠦᠷᠴᠦ᠂ ᠬᠤᠰᠤᠨ ᠮᠤᠳᠤᠨ ᠤ ᠲᠠᠪᠠᠭ᠎ᠠ ᠳᠤ ᠭᠠᠷᠤᠨ᠎ᠠ᠂ ᠬᠠᠪᠳᠠᠭᠠᠢ ᠴᠢᠯᠠᠭᠤᠨ ᠬᠦᠬᠦᠷᠬᠡ ᠶᠢ ᠦᠩᠬᠡᠷᠡᠪᠡᠯ ᠨᠢᠬᠡ ᠲᠠᠭᠳᠤ ᠭᠡᠯᠪᠡᠷᠢᠳᠦ ᠴᠢᠯᠠᠭᠤᠨ ᠤᠷᠬᠢᠯ ᠢ ᠤᠯᠵᠤ ᠬᠠᠷᠠᠨ᠎ᠠ᠂ ᠤᠷᠬᠢᠯ ᠤᠨ ᠬᠤᠶᠢᠨ᠎ᠠ ᠶᠡᠭᠡ ᠬᠡᠰᠡᠭ ᠬᠠᠭᠰᠢᠮᠠᠯ ᠲᠠᠯ᠎ᠠ ᠲᠡᠭᠡᠷ᠎ᠠ ᠪᠤᠳᠠ ᠪᠤᠳᠠ ᠬᠡᠬᠡᠷ᠎ᠠ ᠶᠢᠨ ᠭᠤᠭᠤᠳ ᠦᠷᠬᠦᠯᠵᠢ ᠤᠷᠭᠤᠵᠤ᠂ ᠭᠤᠭᠤᠳ ᠤᠨ ᠠᠰᠠᠷ ᠨᠢ ᠡᠶᠢᠨᠬᠦ ᠨᠡᠷᠡᠶᠢᠳᠦᠭᠳᠡᠭᠰᠡᠨ ᠪᠠᠶᠢᠨ᠎ᠠ᠃ ᠮᠡᠶᠢᠷᠡᠨ ᠭᠤᠤ  ᠶᠢᠨ ᠦᠵᠡᠮᠵᠢ ᠶᠢᠨ ᠤᠷᠤᠨ ᠨᠢ ᠪᠡᠭᠡᠵᠢᠩ ᠤᠨ ᠮᠡᠶᠢᠷᠡᠨ ᠵᠧᠩ ᠳ᠋ᠠ ᠪᠡᠯᠡ ᠤᠷᠤᠭᠤᠯᠤᠯᠳᠠ ᠶᠢᠨ ᠺᠤᠮᠫᠠᠨᠢ ᠠᠴᠠ10 ᠳ᠋ᠦᠩᠰᠢᠭᠤᠷ ᠲᠦᠬᠦᠷᠢᠭ ᠤᠷᠤᠭᠤᠯᠤᠨ ᠪᠠᠶᠢᠭᠤᠯᠵᠤ᠂ ᠲᠡᠷᠠ ᠨᠢ ᠤᠮᠠᠷᠠᠳᠤ ᠶᠢᠨ ᠭᠠᠵᠠᠷ ᠤᠷᠤᠨ ᠤ ᠦᠪᠡᠷᠮᠢᠴᠠ ᠰᠢᠨᠵᠢ ᠲᠠᠢ ᠪᠠᠶᠢᠭᠠᠯᠢ ᠶᠢᠨ ᠦᠩᠬᠡ ᠦᠵᠡᠮᠵᠢ ᠶᠢᠨ ᠵᠤᠭᠠᠴᠠᠯ ᠤᠨ ᠦᠵᠡᠮᠵᠢᠳᠦ ᠤᠷᠤᠨ ᠪᠤᠯᠬᠤ ᠶᠤᠮ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号