ᠭᠤᠭᠤᠳ ᠤᠨ ᠠᠰᠠᠷ
ᠨᠡᠶᠢᠲᠡᠯᠡᠭᠰᠡᠨ ᠴᠠᠭ᠄
2017/12/27
  ᠠᠰᠠᠷ ᠲᠠᠭᠲᠤ ᠰᠢᠭ ᠠᠭᠤᠯᠠᠨ ᠤᠷᠬᠢᠯ ᠲᠤᠨᠢ  ᠬᠡᠭᠡᠷ᠎ᠡ ᠶᠢᠨ ᠭᠤᠭᠤᠳ ᠵᠢᠭᠳᠡᠷᠡᠨ ᠤᠷᠭᠤᠭᠰᠠᠨ ᠢᠶᠠᠷ ᠨᠢ  ᠭᠤᠭᠤᠳ ᠤᠨ ᠠᠰᠠᠷ ᠭᠡᠵᠦ ᠨᠡᠷᠡᠯᠡᠵᠡᠢ᠃  ᠭᠤᠭᠤᠳ ᠤᠨ ᠠᠰᠠᠷ ᠨᠢ ᠬᠠᠷᠠᠴᠢᠨ ᠬᠤᠰᠢᠭᠤᠨ ᠤ ᠪᠠᠷᠠᠭᠤᠨ ᠬᠡᠰᠡᠭ  ᠲᠤ  ᠾᠧᠪᠸᠢ ᠮᠤᠵᠢ ᠲᠠᠢ ᠵᠠᠯᠭᠠᠯᠳᠤᠭᠰᠠᠨ ᠭᠠᠵᠠᠷ ᠲᠤ ᠪᠠᠶᠢᠳᠠᠭ᠃ ᠠᠭᠤᠯᠠ ᠨᠢ ᠬᠤᠶᠢᠰᠢ  ᠵᠦᠭ ᠲᠡᠭᠡᠨ ᠨᠠᠯᠠᠤ ᠰᠢᠭ᠂ ᠪᠠᠷᠠᠭᠤᠨ ᠡᠮᠦᠨ᠎ᠡ ᠠᠰᠬ᠎ᠠ ᠡᠭᠴᠡ ᠪᠠᠶᠢᠵᠤ᠂  ᠳᠠᠯᠠᠢ ᠶᠢᠨ ᠲᠦᠪᠰᠢᠨ ᠠᠴᠠ1860 ᠮᠧᠲᠷ ᠦᠨᠳᠦᠷ᠃ ᠠᠭᠤᠯᠠᠨ ᠢᠷᠤᠭᠠᠷ ᠠᠴᠠ ᠤᠷᠬᠢᠯᠠᠨ ᠤᠷᠤᠰᠬᠤ ᠪᠤᠯᠠᠭ ᠪᠤᠯ ᠰᠢᠪᠡᠭᠡ  ᠭᠤᠣᠯ ᠤᠨ ᠡᠬᠢ ᠮᠦᠨ᠃  ᠠᠳᠡ ᠤᠢ ᠰᠢᠭᠤᠢ ᠨᠢᠭᠲᠠ ᠪᠢᠲᠡᠭᠦᠦ᠂ ᠡᠪᠡᠰᠦ ᠤᠷᠭᠤᠮᠠᠯ  ᠰᠠᠬᠤᠯᠢᠭ ᠲᠤᠯᠠ ᠡᠩᠬᠡ ᠠᠮᠤᠭᠤᠯᠠᠩ ᠬᠠᠭᠠᠨ ᠤ ᠠᠪᠠ ᠬᠤᠮᠣᠷᠭᠠᠯᠠᠬᠤ᠂ ᠬᠠᠯᠠᠭᠤᠨ ᠢ ᠥᠩᠭᠡᠷᠡᠭᠡᠬᠦ ᠭᠠᠵᠠᠷ ᠪᠠᠶᠢᠵᠤ᠂ ᠮᠦᠯᠠᠨ ᠸᠧᠢ ᠴᠠᠩ ᠤᠨ ᠬᠠᠷᠢᠶᠠᠨ ᠳᠤ  ᠪᠠᠭᠲᠠᠳᠠᠭ᠃     ᠰᠢᠪᠡᠭᠡ ᠭᠤᠣᠯ ᠤᠨ ᠡᠬᠢᠨ ᠠᠴᠠ ᠲᠠᠭᠡᠭᠰᠢ ᠠᠭᠤᠯᠠ  ᠠᠪᠠᠷᠢᠪᠠᠯ᠂  ᠵᠢᠮᠢᠰᠦᠨ ᠮᠤᠳᠤᠨ ᠤ  ᠬᠦᠩᠬᠦᠶᠢᠯᠡ᠂  ᠵᠠᠭᠤᠨ ᠴᠡᠴᠡᠭ ᠤᠨ ᠬᠦᠲᠦᠯ᠂ ᠴᠠᠭᠠᠨ ᠬᠤᠰᠤᠨ ᠳᠠᠪᠠᠭ᠎ᠠ  ᠵᠡᠷᠭᠡ ᠶᠢ ᠥᠩᠭᠡᠷᠡᠭᠡᠵᠦ᠂  ᠭᠤᠭᠤᠳ ᠤᠨ ᠠᠰᠠᠷ ᠤᠨ ᠭᠤᠣᠯ ᠤᠷᠬᠢᠯ ᠳᠤ ᠬᠦᠷᠬᠦ ᠦᠶᠡᠰ᠂  ᠡᠮᠦᠨ᠎ᠡ ᠬᠤᠶᠢᠨ᠎ᠠ ᠬᠤᠶᠠᠷ ᠤᠷᠬᠢᠯ ᠪᠠᠶᠢᠵᠤ᠂ ᠳᠤᠮᠳᠠ ᠪᠠᠨ  ᠲᠡᠭᠰᠢ ᠭᠠᠵᠠᠷ ᠲᠠᠢ  ᠂  ︽ ᠲᠡᠮᠡᠭᠡᠨ ᠴᠢᠯᠠᠭᠤ︾᠂ ︽ ᠴᠢᠯᠠᠭᠤᠨ ᠡᠭᠦᠳᠡ︾᠂ ︽ ᠴᠢᠯᠠᠭᠤᠨ ᠰᠠᠨᠳᠠᠯᠢ︾ ᠵᠡᠷᠭᠡ  ᠭᠠᠶᠢᠬᠠᠮᠰᠢᠭᠲᠠᠢ ᠦᠵᠡᠮᠵᠢ ᠬᠠᠷᠠᠭᠳᠠᠳᠠᠭ᠃  ᠬᠤᠶᠢᠲᠤ ᠤᠷᠬᠢᠯ ᠳᠤᠷ ᠨᠢ ᠨᠢᠭᠤᠷᠯᠡᠨ ᠰᠡᠬᠦᠶᠢᠭᠰᠡᠨ  ᠢᠨᠠᠭ ᠠᠮᠠᠷᠠᠭ ᠰᠢᠭ ᠬᠤᠣᠰ ᠬᠠᠳᠠ ᠪᠠᠶᠢᠵᠤ᠂  ᠡᠮᠦᠨᠡᠲᠦ ᠤᠷᠬᠢᠯ ᠳᠤᠷ ᠨᠢ ᠦᠨᠳᠦᠷ ᠨᠢ ᠠᠷᠪᠠᠭᠠᠳ ᠮᠧᠲᠷ᠂  ᠤᠷᠳᠤ ᠨᠢ ᠲᠠᠪᠢᠭᠠᠳ  ᠮᠧᠲᠷ ᠤᠨ  ︽ ᠲᠡᠭᠷᠢ ᠶᠢᠨ ᠬᠦᠭᠦᠷᠭᠡ︾ ᠬᠡᠮᠡᠭᠦ  ᠬᠠᠳᠠ ᠪᠠᠶᠢᠳᠠᠭ ᠶᠤᠮ᠃  ︽ ᠲᠡᠭᠷᠢ ᠶᠢᠨ  ᠬᠦᠭᠦᠷᠭᠡ︾  ᠪᠠᠷ ᠴᠢᠨᠠᠭᠰᠢ ᠶᠠᠪᠤᠪᠠᠯ ᠠᠰᠬ᠎ᠠ ᠬᠠᠳᠠᠨ ᠤ ᠳᠤᠮᠳᠠ  ︽ ᠤᠷᠠᠨ ᠬᠠᠵᠢᠨ ᠠᠭᠤᠢ︾ ᠬᠡᠮᠡᠬᠦ ᠨᠢᠭᠡᠨ ᠠᠭᠤᠢ ᠦᠵᠡᠭᠳᠡᠳᠡᠭ᠃ ᠤᠯᠠᠮᠵᠢᠯᠠᠯ ᠶᠠᠷᠢᠶᠠᠨ ᠳᠤ᠂ ᠨᠢᠭᠡᠨ ᠬᠤᠣᠰ ᠵᠠᠯᠠᠭᠤ ᠠᠮᠠᠷᠠᠭ  ᠂ ᠡᠷᠬᠡ ᠴᠢᠯᠦᠭᠡᠲᠦ ᠤᠷᠤᠭ ᠢ  ᠬᠦᠭᠡᠭᠡᠴᠡᠯᠳᠤᠨ᠂ ᠡᠨᠡ ᠠᠭᠤᠢ ᠳᠤ ᠢᠷᠡᠵᠦ ᠪᠠᠯᠲᠤ ᠰᠠᠷ᠎ᠠ ᠪᠠᠨ ᠥᠩᠭᠡᠷᠡᠭᠡᠭᠰᠡᠨ ᠭᠡᠳᠡᠭ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号