ᠭᠥᠩᠵᠦ ᠶᠢᠨ ᠤᠩᠭᠤᠨ
ᠨᠡᠶᠢᠲᠡᠯᠡᠭᠰᠡᠨ ᠴᠠᠭ᠄
2017/12/26
   ᠭᠥᠩᠵᠦ ᠶᠢᠨ ᠤᠩᠭᠤᠨ ᠪᠤᠯ ᠴᠢᠩ ᠤᠯᠤᠰ ᠤᠨ ᠡᠩᠬᠡ ᠠᠮᠤᠭᠤᠯᠠᠩ  ᠬᠠᠭᠠᠨ ᠤ ᠲᠠᠪᠤᠳᠤᠭᠠᠷ ᠦᠬᠢᠨ ᠬᠤᠱᠤᠢ ᠿᠦᠢ ᠵᠢᠩ ᠤᠨ ᠤᠩᠭᠤᠨ  ᠪᠤᠯᠤᠨ᠎ᠠ᠃  ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠬᠠᠷᠢᠶᠠᠨ ᠳᠤ ᠪᠠᠶᠢᠵᠤ᠂ ᠭᠦᠩᠵᠦ ᠨᠠᠰᠤ  ᠪᠠᠷᠠᠭᠰᠠᠨ ᠤ ᠲᠠᠷᠠᠭ᠎ᠠ᠂   ᠳᠠᠭᠠᠯᠲᠠ ᠠᠷᠪᠠᠨ  ᠡᠷᠦᠬᠡ ᠨᠢ ᠤᠩᠭᠤᠨ ᠢ ᠰᠠᠬᠢᠵᠦ ᠰᠠᠭᠤᠭᠰᠠᠨ ᠠᠴᠠ ᠡᠶᠢᠨᠬᠦ ᠠᠷᠪᠠᠨ ᠭᠡᠷ ᠰᠢᠶᠠᠩ ᠬᠡᠮᠡᠨ ᠨᠡᠷᠡᠯᠡᠭᠳᠡᠵᠡᠢ᠃ᠴᠢᠩ ᠤᠯᠤᠰ  ᠤᠨ ᠵᠠᠰᠠᠭ ᠤᠨ ᠭᠠᠵᠠᠷ ᠨᠢ ᠦᠷᠭᠦᠯᠵᠢ ᠤᠷᠤᠭ ᠬᠤᠯᠪᠤᠬᠤ ᠠᠷᠭ᠎ᠠ ᠪᠠᠷ ᠬᠢᠵᠠᠭᠠᠷ ᠢ ᠠᠮᠤᠷᠵᠢᠭᠤᠯᠳᠠᠭ᠃ ᠡᠩᠬᠡ ᠠᠮᠤᠭᠤᠯᠠᠩ ᠤᠨ ᠭᠤᠴᠢᠨ ᠨᠢᠭᠡᠳᠦᠭᠡᠷ ᠣᠨ ᠳᠤ᠂  ᠡᠨᠡᠬᠦ ᠬᠤᠱᠤᠢ ᠿᠦᠢ ᠵᠢᠩ  ᠬᠡᠮᠡᠬᠦ ᠲᠠᠪᠤᠳᠤᠭᠠᠷ ᠦᠬᠢᠨ ᠢᠶᠠᠨ ᠬᠠᠷᠠᠴᠢᠨ ᠬᠤᠰᠢᠭᠤᠨ ᠤ ᠭᠤᠷᠪᠠᠳᠤᠭᠠᠷ ᠦᠶ᠎ᠡ  ᠶᠢᠨ ᠵᠢᠶᠦ᠋ᠨ ᠸᠠᠩ  ᠭᠠᠯᠰᠠᠩ ᠳᠤ ᠪᠠᠭᠤᠯᠭᠠᠨ ᠦᠭᠴᠦ᠂  ᠭᠤᠶᠤᠮᠰᠤᠭ ᠰᠦᠷᠯᠢᠭ ᠲᠠᠪᠤᠨᠠᠩ ᠤᠨ ᠤᠷᠳᠤᠨ ᠢ ᠪᠠᠶᠢᠭᠤᠯᠤᠨ ᠦᠭᠭᠦᠭᠰᠡᠨ ᠪᠠᠶᠢᠨ᠎ᠠ᠂ ᠡᠨᠡ ᠨᠢ  ᠣᠳᠤ ᠶᠢᠨ ᠵᠢᠨᠱᠠᠨ ᠪᠠᠯᠭᠠᠰᠤ ᠪᠤᠯᠤᠨ᠎ᠠ᠃    ᠬᠤᠱᠤᠢ ᠿᠦᠢ ᠵᠢᠩ ᠭᠦᠩᠵᠦ ᠨᠣᠮ ᠰᠤᠳᠤᠷ   ᠳᠤᠷ ᠨᠡᠪᠲᠡᠷᠬᠡᠢ᠂  ᠡᠶᠡᠪᠡᠷᠬᠦ ᠰᠢᠯᠤᠭᠤᠨ  ᠵᠠᠩ ᠲᠠᠢ᠂ ᠡᠷᠳᠡᠮ ᠮᠡᠳᠡᠯᠭᠡ ᠬᠤᠣᠰᠯᠠᠭᠰᠠᠨ ᠬᠦᠮᠦᠨ ᠪᠠᠶᠢᠵᠠᠢ᠃ ᠲᠡᠷᠡ ᠳᠠᠶᠢᠴᠢᠩ ᠭᠦᠷᠦᠨ ᠤ ᠠᠰᠢᠭ ᠲᠤᠰᠠ ᠶᠢᠨ ᠲᠦᠯᠦᠭᠡ ᠂ ᠬᠠᠭᠠᠨ ᠤᠷᠳᠤᠨ  ᠤ ᠴᠡᠩᠭᠡᠯᠲᠦ ᠠᠮᠢᠳᠤᠷᠠᠯ ᠢᠶᠠᠨ ᠲᠡᠪᠴᠢᠵᠦ᠂  ᠠᠯᠤᠰ ᠬᠤᠯᠠ ᠬᠠᠷᠠᠴᠢᠨ ᠨᠣᠳᠤᠭ ᠲᠤ  ᠭᠠᠯᠰᠠᠩ ᠲᠠᠢ ᠬᠠᠮᠲᠤ 18 ᠵᠢᠯ ᠠᠮᠢᠳᠤᠷᠠᠭᠠᠳ  ᠡᠩᠬᠡ ᠠᠮᠤᠭᠤᠯᠠᠩ ᠤᠨ ᠳᠦᠴᠢ ᠶᠢᠰᠦᠳᠦᠭᠡᠷ ᠣᠨ ᠳᠤ ᠡᠪᠡᠳᠴᠢᠨ ᠢᠶᠠᠷ ᠨᠠᠰᠤ ᠪᠠᠷᠠᠵᠠᠢ᠃  ᠡᠩᠬᠡ ᠠᠮᠤᠭᠤᠯᠠᠩ ᠬᠠᠭᠠᠨ  ᠭᠦᠩᠵᠦ ᠶᠢᠨ ᠭᠠᠪᠢᠶ᠎ᠠ ᠶᠢ ᠰᠠᠨᠠᠭᠠᠯᠵᠠᠵᠤ᠂  ᠲᠤᠰ ᠤᠩᠭᠤᠨ ᠢ ᠪᠠᠷᠢᠵᠤ ᠬᠦᠨᠳᠦ ᠪᠠᠷ  ᠤᠷᠤᠰᠢᠭᠤᠯᠪᠠ᠃  ᠤᠩᠭᠤᠨ ᠤ  ᠪᠠᠷᠢᠯᠭ᠎ᠠ  ᠶᠡᠬᠡᠮᠰᠥᠭ ᠰᠦᠷ ᠲᠠᠢ᠂ ᠡᠮᠦᠨ᠎ᠡ ᠠᠨᠤ ᠴᠢᠯᠠᠭᠤᠨ ᠬᠦᠰᠢᠶ᠎ᠡ  ᠪᠣᠰᠬᠠᠵᠤ᠂  ᠳᠦᠷᠪᠡᠨ ᠲᠤᠯᠭᠠᠭᠤᠷᠢ ᠭᠤᠷᠪᠠᠨ ᠡᠭᠦᠳᠡ ᠲᠠᠢ᠂  ᠬᠤᠶᠠᠷ ᠲᠠᠯ᠎ᠠ ᠳᠤᠨᠢ  ᠭᠠᠨᠳᠢᠭ ᠴᠢᠯᠠᠭᠤᠨ ᠪᠠᠭᠠᠨ᠎ᠠ ᠪᠤᠰᠬᠠᠵᠦ᠂  ᠳᠤᠮᠳᠠᠬᠢ  ᠬᠠᠭᠠᠨ ᠠᠴᠠ  ᠰᠤᠶᠤᠷᠬᠠᠭᠰᠠᠨ ᠬᠦᠰᠢᠶᠡᠨ ᠳᠡᠭᠡᠷ᠎ᠡ ᠮᠤᠩᠭᠤᠯ ᠬᠢᠲᠠᠳ ᠮᠠᠨᠵᠤ ᠭᠤᠷᠪᠠᠨ ᠦᠰᠦᠭ ᠢᠶᠠᠷ ᠬᠤᠱᠤᠢ ᠿᠦᠢ ᠵᠢᠩ ᠤᠨ ᠨᠢᠭᠡ ᠨᠠᠰᠤᠨ ᠤ ᠶᠠᠪᠤᠳᠠᠯ ᠮᠦᠷ ᠢ ᠰᠡᠶᠢᠷᠡᠭᠦᠯᠦᠭᠰᠡᠨ ᠪᠠᠶᠢᠨ᠎ᠠ᠃     ᠤᠩᠭᠤᠨ ᠤ ᠲᠤᠲᠤᠷ᠎ᠠ ᠠᠨᠤ ᠡᠮᠦᠨ᠎ᠡ ᠬᠤᠶᠢᠨ᠎ᠠ ᠬᠤᠶᠠᠷ ᠳᠠᠪᠬᠤᠷ  ᠲᠤᠭᠤᠷᠢᠭ ᠲᠠᠢ᠃ ᠭᠤᠣᠯ ᠬᠠᠷᠰᠢ᠂ ᠶᠡᠭᠡ  ᠲᠠᠩᠬᠢᠮ᠂ ᠵᠡᠭᠦᠨ ᠪᠠᠷᠠᠭᠤᠨ ᠬᠠᠵᠢᠭᠤ ᠶᠢᠨ ᠬᠠᠷᠰᠢ ᠵᠡᠷᠭᠡ 30 ᠭᠠᠷᠤᠢ ᠲᠠᠰᠤᠯᠭ᠎ᠠ  ᠪᠤᠢ᠃  ᠤᠩᠭᠤᠨ ᠳᠤ ᠨᠡᠪᠲᠡᠷᠡᠬᠦ  ᠨᠦᠬᠡᠨ ᠵᠠᠮ ᠤᠨ ᠬᠤᠶᠠᠷ ᠲᠠᠯ᠎ᠠ  ᠳᠤᠨᠢ ᠨᠠᠷᠢᠯᠢᠭ ᠰᠡᠶᠢᠯᠦᠮᠡᠯ ᠲᠠᠢ ᠴᠢᠯᠠᠭᠤᠨ ᠰᠢᠷᠡᠭᠡ᠂ ᠴᠢᠯᠠᠭᠤᠨ ᠰᠠᠨᠳᠠᠯᠢ᠂ ᠴᠢᠯᠠᠭᠤᠨ ᠲᠠᠬᠢᠯᠭ᠎ᠠ ᠶᠢᠨ ᠡᠳ᠋ ᠵᠡᠷᠭᠡ ᠶᠢ ᠵᠢᠭᠳᠡᠷᠡᠭᠦᠯᠦᠨ ᠲᠠᠯᠪᠢᠵᠤ᠂  ᠬᠠᠰ ᠤᠨ ᠴᠢᠯᠠᠭᠤᠨ ᠢᠶᠠᠷ ᠰᠡᠶᠢᠯᠦᠨ ᠪᠤᠰᠬᠠᠭᠰᠠᠨ ᠴᠢᠯᠠᠭᠤᠨ ᠬᠡᠷᠡᠭᠰᠡᠭᠡ ᠲᠠᠢ᠃  ᠡᠩᠬᠡ ᠠᠮᠤᠭᠤᠯᠠᠩ ᠤᠨ ᠲᠠᠪᠢᠨ ᠣᠨ ᠳᠤ᠂ ᠬᠠᠭᠠᠨ ᠡᠵᠡᠨ ᠠᠴᠠ ᠬᠤᠶᠢᠲᠤ ᠬᠢᠵᠠᠭᠠᠷ ᠢ  ᠠᠮᠤᠷᠵᠢᠭᠤᠯᠬᠤ ᠪᠠ ᠦᠬᠢᠨ ᠤ ᠪᠠᠨ ᠭᠠᠪᠢᠶ᠎ᠠ ᠵᠢᠳᠬᠦᠯ ᠢ ᠳᠤᠷᠠᠰᠴᠤ᠂   ᠬᠠᠷᠠᠴᠠᠨ ᠵᠢᠶᠦ᠋ᠨ ᠸᠠᠩ ᠲᠠᠢ ᠬᠠᠮᠲᠤ ᠤᠷᠤᠰᠢᠭᠤᠯᠬᠤ ᠶᠢ ᠵᠦᠪᠰᠢᠶᠡᠷᠡᠪᠡ᠃  ᠲᠡᠭᠦᠨ ᠠᠴᠠ ᠬᠤᠶᠢᠰᠢ  ᠡᠨᠡᠬᠦ ᠭᠦᠩᠵᠦ ᠶᠢᠨ ᠤᠩᠭᠤᠨ ᠨᠢ ᠬᠤᠭᠤᠰᠤᠨ ᠤᠩᠭᠤᠨ ᠪᠤᠯᠵᠠᠢ᠃    ᠣᠨ ᠵᠢᠯ ᠤᠨ ᠤᠯᠠᠷᠢᠨ ᠬᠤᠪᠢᠷᠠᠬᠤ ᠶᠢ ᠲᠠᠭᠠᠯᠳᠤᠨ᠂  ᠰᠠᠯᠬᠢ ᠪᠤᠷᠤᠭᠠᠨ ᠴᠠᠰᠤ ᠰᠢᠭᠤᠷᠭ᠎ᠠ ᠪᠠ ᠬᠦᠮᠦᠨ ᠤ ᠡᠪᠳᠡᠯᠭᠡ ᠵᠡᠷᠭᠡ ᠳᠤ ᠲᠠᠯᠬᠢᠭᠳᠠᠨ  ᠂  ᠣᠳᠤ ᠪᠣᠯᠬᠤ ᠳᠤ ᠵᠦᠪᠬᠡᠨ ᠨᠢᠭᠡ ᠴᠢᠯᠠᠭᠤᠨ ᠬᠦᠰᠢᠶ᠎ᠡ᠂ ᠨᠢᠭᠡ ᠴᠢᠯᠠᠭᠤᠨ ᠪᠠᠭᠠᠨ᠎ᠠ᠂ ᠨᠢᠭᠡ ᠴᠢᠯᠠᠭᠤᠨ   ᠴᠠᠮᠬᠠᠭ ᠤᠨ ᠲᠡᠳᠦᠶᠢᠯᠡ ᠦᠯᠡᠳᠡᠵᠡᠢ᠃  
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号