ᠬᠠᠷᠠᠴᠢᠨ ᠴᠢᠨ ᠸᠠᠩ  ᠤᠨ ᠤᠷᠳᠤᠨ
ᠨᠡᠶᠢᠲᠡᠯᠡᠭᠰᠡᠨ ᠴᠠᠭ᠄
2017/12/26
   ᠬᠠᠷᠠᠴᠢᠨ ᠴᠢᠨ ᠸᠠᠩ ᠤᠨ ᠤᠷᠳᠤᠨ ᠨᠢ ᠴᠢᠩ  ᠤᠯᠤᠰ ᠤᠨ ᠡᠩᠬᠡ ᠠᠮᠤᠭᠤᠯᠠᠩ ᠤᠨ ᠠᠷᠪᠠᠨ ᠨᠠᠢᠮᠠᠳᠤᠭᠠᠷ ᠣᠨ ︵ 1679︶ ᠳᠤ ᠡᠬᠢᠯᠡᠨ ᠪᠠᠶᠢᠭᠤᠯᠵᠠᠢ᠃  ᠲᠤᠬᠠᠢ ᠶᠢᠨ ᠴᠠᠭ ᠤᠨ ᠪᠤᠭᠤᠮᠲᠠ ᠶᠢᠨ ᠭᠠᠳᠠᠨᠠᠬᠢ ᠨᠡᠯᠢᠶᠡᠳ ᠶᠡᠭᠡ ᠪᠠᠷᠢᠯᠭ᠎ᠠ ᠪᠠᠶᠢᠵᠤ᠂ ᠣᠳᠤ  ᠪᠤᠯᠲᠠᠯ᠎ᠠ 300 ᠭᠠᠷᠤᠢ ᠵᠢᠯ ᠤᠨ  ᠲᠡᠤᠬᠡ ᠲᠠᠢ ᠶᠤᠮ᠃  ᠴᠢᠩ ᠤᠯᠤᠰ ᠤᠨ ᠳᠤᠮᠳᠠ ᠰᠡᠭᠦᠯᠴᠢ ᠶᠢᠨ  ᠦᠶ᠎ᠡ ᠶᠢᠨ  ᠵᠤᠰᠠᠲᠤ ᠶᠢᠨ ᠴᠢᠭᠤᠯᠭᠠᠨ ᠤᠯᠤᠰ ᠲᠦᠷᠥ ᠶᠢᠨ ᠲᠥᠪ ᠪᠤᠯᠤᠨ᠎ᠠ᠃     ᠬᠠᠷᠠᠴᠢᠨ ᠸᠠᠩ  ᠤᠨ ᠡᠪᠦᠭᠡ ᠳᠡᠭᠡᠳᠦᠰ ᠪᠤᠯ  ᠴᠢᠩᠬᠢᠰ ᠬᠠᠭᠠᠨ ᠤ ᠭᠠᠪᠢᠶᠠᠲᠤ ᠰᠠᠶᠢᠳ ᠵᠠᠯᠮ᠎ᠠ ᠪᠤᠯᠤᠨ᠎ᠠ᠂ ᠤᠷᠢᠶᠠᠩᠬᠠᠢ  ᠠᠶᠢᠮᠠᠭ ᠤᠨ ᠬᠦᠮᠦᠨ᠂ ᠲᠡᠷᠡ ᠴᠢᠩᠬᠢᠰ ᠬᠠᠭᠠᠨ ᠤᠯᠠᠨ ᠮᠤᠩᠭᠤᠯ ᠢ ᠨᠢᠭᠡᠳᠬᠡᠬᠦ ᠳᠤ ᠶᠡᠭᠡ ᠭᠠᠪᠢᠶ᠎ᠠ ᠪᠠᠶᠢᠭᠤᠯᠤᠭᠰᠠᠨ ᠪᠥᠭᠡᠳ ᠴᠢᠩᠬᠢᠰ ᠬᠠᠭᠠᠨ  ᠤ ᠠᠮᠢ ᠶᠢ ᠭᠤᠷᠪᠠᠨᠲᠠ  ᠠᠪᠤᠷᠠᠭᠰᠠᠨ ᠠᠴᠢᠲᠠᠢ ᠲᠤᠯᠠ᠂  ᠲᠡᠭᠦᠨ ᠤ ᠶᠢᠰᠦ ᠤᠳᠠᠭ᠎ᠠ ᠶᠢᠨ ᠶᠠᠯ᠎ᠠ ᠶᠢ ᠨᠡᠬᠡᠮᠵᠢᠯᠡᠭᠰᠡᠨ ᠦᠭᠡᠢ  ᠪᠦᠭᠡᠳ ᠶᠢᠰᠦᠳᠦᠭᠡᠷ ᠮᠢᠩᠭᠠᠲᠤ ᠶᠢᠨ ᠨᠤᠶᠠᠨ ᠡᠷᠭᠦᠮᠵᠢᠯᠡᠵᠠᠢ᠃  ᠴᠢᠩᠬᠢᠰ ᠬᠠᠭᠠᠨ ᠵᠠᠯᠮ᠎ᠠ ᠶᠢ ᠠᠬ᠎ᠠ ᠳᠡᠭᠦᠦ ᠪᠡᠨ‌‍ᠰᠢᠭ ᠦᠵᠡᠳᠡᠭ ᠲᠤᠯᠠ᠂ ᠦᠪᠡᠷ ᠤᠨ ᠬᠡᠤᠬᠡᠨ ᠢᠶᠠᠨ ᠵᠠᠯᠮ᠎ᠠ ᠶᠢᠨ ᠬᠦᠦ   ᠵᠢᠪᠡᠭᠡ ᠳᠤ ᠪᠡᠷᠢ ᠪᠤᠯᠭᠠᠨ ᠦᠭᠴᠡᠢ᠃     ᠶᠤᠸᠠᠨ ᠤᠯᠤᠰ ᠪᠠᠶᠢᠭᠤᠯᠤᠭᠳᠠᠭᠰᠠᠨ ᠤ ᠰᠡᠭᠦᠯᠡᠷ᠂  ᠲᠠᠪᠤᠨᠡᠩ ᠵᠢᠪᠡᠭᠡ ᠶᠢᠨ ᠬᠤᠶᠢᠴᠢᠰ ᠢ ᠬᠢᠳᠠᠨ ᠳ᠋ᠠ ᠯᠢᠶᠤᠤ ᠶᠢᠨ ᠭᠠᠵᠠᠷ ᠨᠤᠶᠠᠨ ᠡᠷᠭᠦᠮᠵᠢᠯᠡᠵᠦ᠂ ᠠᠶᠢᠮᠠᠭ ᠤᠨ ᠨᠡᠷ᠎ᠡ ᠶᠢ ᠬᠠᠷᠠᠴᠢᠨ ᠬᠡᠮᠡᠪᠡ᠃     ᠬᠤᠵᠢᠮ   ᠨᠢ  ᠵᠠᠯᠮ᠎ᠠ ᠶᠢᠨ ᠠᠷᠪᠠᠨ ᠳᠦᠷᠪᠡᠳᠦᠭᠡᠷ ᠦᠶ᠎ᠡ ᠶᠢᠨ  ᠰᠤᠪᠤᠳᠠᠢ ᠠᠨᠤ ᠬᠠᠷᠠᠴᠢᠨ ᠠᠶᠢᠮᠠᠭ ᠢᠶᠠᠨ ᠳᠠᠭᠠᠭᠤᠯᠵᠤ᠂  ᠲᠢᠶᠠᠨ ᠽᠦᠩ ᠤᠨ ᠬᠤᠶᠠᠳᠤᠭᠠᠷ ᠣᠨ ᠳᠤ ᠬᠤᠩ ᠲᠠᠶᠢᠵᠢ ᠳᠤ ᠤᠷᠤᠵᠤ ᠥᠭᠪᠡ᠃  ᠰᠦᠪᠦᠳᠢ  ᠶᠢᠨ ᠳᠡᠮᠵᠢᠯᠭᠡ ᠲᠤᠤᠷ᠎ᠠ᠂  ᠬᠤᠩ ᠲᠠᠶᠢᠵᠢ ᠤᠷᠢᠳ ᠬᠤᠵᠢᠳ  ᠡᠯᠡᠰᠦᠨ ᠤ ᠡᠮᠦᠨᠡᠬᠢ ᠮᠤᠩᠭᠤᠯ᠂  ᠵᠤᠤ ᠤᠳᠠ ᠠᠶᠢᠮᠠᠭ᠂  ᠵᠤᠰᠤᠲᠤ ᠶᠢᠨ ᠴᠢᠭᠤᠯᠭᠠᠨ ᠤ ᠡᠯ᠎ᠡ ᠠᠶᠢᠮᠠᠭ ᠪᠦᠯᠦᠭ ᠢ ᠨᠢᠭᠡᠳᠭᠡᠭᠰᠡᠨ ᠪᠠᠶᠢᠨ᠎ᠠ᠃ ᠲᠢᠶᠠᠨ ᠽᠦᠩ ᠤᠨ ᠶᠢᠰᠦᠳᠦᠭᠡᠷ ᠣᠨ ︵1635︶ ᠣᠨ ᠳᠤ᠂  ᠰᠤᠪᠤᠳᠠᠢ  ᠶᠢᠨ ᠬᠦᠪᠡᠭᠦᠨ ᠵᠠᠰᠠᠭ ᠵᠢᠩᠰᠡ  ᠬᠦᠷᠲᠡᠵᠦ ᠂ ᠬᠠᠷᠠᠴᠢᠨ ᠪᠠᠷᠠᠭᠤᠨ ᠭᠠᠷᠤᠨ ᠬᠤᠰᠢᠭᠤᠨ ᠤ ᠠᠩᠬᠠᠳᠤᠭᠠᠷ ᠦᠶ᠎ᠡ ᠶᠢᠨ ᠸᠠᠩ ᠪᠤᠯᠤᠭᠰᠠᠨ ᠪᠠᠶᠢᠨ᠎ᠠ᠃ ᠨᠢᠭᠡᠳᠦᠭᠡᠷ ᠦᠶ᠎ᠡ ᠶᠢᠨ ᠸᠠᠩ ᠪᠠ ᠬᠤᠶᠠᠳᠤᠭᠠᠷ ᠦᠶ᠎ᠡ ᠶᠢᠨ ᠸᠠᠩ ᠨᠢ ᠣᠳᠤ ᠶᠢᠨ ᠯᠢᠶᠤᠤᠨᠢᠩ ᠤᠨ  ᠬᠠᠷᠠᠴᠢᠨ ᠵᠡᠭᠦᠨ ᠬᠤᠰᠢᠭᠤ ᠪᠠ ᠵᠢᠶᠠᠨ ᠫᠢᠩ ᠤᠷᠴᠢᠮ ᠢᠶᠠᠷ ᠰᠠᠭᠤᠵᠤ᠂ ᠭᠤᠷᠪᠠᠳᠤᠭᠠᠷ ᠦᠶ᠎ᠡ ᠶᠢᠨ ᠸᠠᠩ  ᠪᠠᠳᠠᠷᠠᠱᠠ ᠶᠢᠨ ᠦᠶ᠎ᠡ  ᠳᠤ ᠬᠠᠷᠠᠴᠢᠨ ᠬᠤᠰᠢᠭᠤᠨ ᠤ ᠯᠦᠩ ᠱᠠᠨ ᠳᠤ ᠨᠡᠭᠦᠨ ᠢᠷᠡᠭᠰᠡᠨ ᠪᠠᠶᠢᠨ᠎ᠠ᠃  ᠡᠩᠬᠡ ᠠᠮᠤᠭᠤᠯᠠᠩ ᠤᠨ ᠶᠢᠰᠦᠳᠦᠭᠡᠷ ᠣᠨ ︵1670︶  ᠳᠤ ᠯᠦᠩ ᠱᠠᠨ ᠠᠴᠠ ᠣᠳᠤ ᠶᠢᠨ ᠰᠠᠭᠤᠴᠠ ᠳᠤ ᠰᠢᠯᠵᠢᠨ ᠢᠷᠡᠵᠡᠢ᠃     ᠲᠡᠤᠬᠡᠨ ᠲᠡᠮᠳᠡᠭᠯᠡᠯ ᠢ ᠦᠨᠳᠦᠰᠦᠯᠡᠪᠡᠯ᠂ ᠣᠣᠯ ᠤᠨ ᠸᠠᠩ ᠤᠨ ᠤᠷᠳᠤᠨ ᠨᠢ130 ᠭᠠᠷᠦᠢ ᠮᠣ᠋  ᠭᠠᠵᠠᠷ ᠪᠠᠶᠢᠵᠤ᠂ ᠭᠡᠷ ᠪᠠᠷᠢᠯᠭ᠎ᠠ 400 ᠭᠠᠷᠤᠢ ᠲᠠᠰᠤᠯᠭ᠎ᠠ ᠲᠠᠢ᠃ ᠪᠦᠬᠦᠶᠢᠯᠡ  ᠪᠠᠷᠢᠯᠭ᠎ᠠ ᠨᠢ  ᠰᠦᠷᠯᠢᠭ ᠦᠵᠡᠮᠵᠢ ᠲᠠᠢ᠂ ᠪᠠᠶᠢᠷᠢᠯᠠᠭᠤᠯᠤᠯᠲᠠ ᠨᠢ ᠴᠢᠩᠭ᠎ᠠ  ᠨᠢᠮᠪᠠᠢ᠂  ᠪᠦᠲᠦᠴᠡ ᠰᠢᠰᠲ᠋ᠧᠮ ᠨᠢ ᠶᠡᠭᠡ ᠪᠠᠶᠢᠳᠠᠭ᠃  ᠬᠤᠶᠢᠨ᠎ᠡ ᠡᠮᠦᠨ᠎ᠡ ᠵᠠᠯᠭᠠᠯᠳᠤᠭᠰᠠᠨ ᠲᠠᠪᠤᠨ ᠳᠠᠪᠬᠤᠷ ᠬᠦᠷᠢᠶ᠎ᠡ ᠪᠠᠶᠢᠵᠤ᠂  ᠭᠤᠣᠯ ᠪᠠᠷᠢᠯᠭ᠎ᠠ ᠨᠢ ᠶᠡᠭᠡ ᠲᠠᠩᠬᠢᠮ᠂ ᠬᠤᠶᠠᠳᠤᠭᠠᠷ ᠲᠠᠩᠬᠢᠮ᠂ ᠶᠤᠰᠤᠯᠠᠯ ‍ᠤᠨ‌‍ᠲ᠋ᠠᠩᠬᠢᠮ  ᠪᠠ ᠴᠧᠩ ᠴᠢᠩ  ᠬᠠᠷᠰᠢ ᠵᠡᠷᠭᠡ ᠪᠤᠯᠤᠨ᠎ᠠ᠃  ᠭᠤᠣᠯ ᠱᠤᠭᠤᠮ ᠢᠶᠠᠷ ᠲᠡᠭᠰᠢ ᠬᠡᠮ ᠲᠠᠢ᠂  ᠵᠡᠭᠦᠨ ᠪᠠᠷᠠᠭᠤᠨ ᠬᠤᠶᠠᠷ ᠵᠢᠭᠦᠷ  ᠤᠨ ᠬᠦᠷᠢᠶ᠎ᠡ᠂ ᠶᠡᠭᠡ ᠪᠠᠭ᠎ᠠ  ᠳᠦᠷᠪᠡᠯᠡᠭᠰᠡᠨ  ᠪᠢᠲᠡᠭᠦᠦ ᠬᠦᠷᠢᠶ᠎ᠡ᠂  ᠲᠠᠪᠬᠤᠷ ᠳᠠᠪᠬᠤᠷ  ᠳᠦᠷᠪᠡᠯᠡᠭᠰᠡᠨ ᠪᠢᠲᠡᠭᠦᠦ ᠬᠦᠷᠢᠶ᠎ᠡ  ᠪᠠᠷ  ᠬᠦᠷᠢᠶᠡᠯᠡᠭᠳᠡᠵᠡᠢ᠃ ᠪᠠᠷᠠᠭᠤᠨ ᠬᠦᠷᠢᠶ᠎ᠡ  ᠪᠣᠯᠪᠠᠰᠤ ᠤᠯᠤᠰ ᠲᠦᠷᠥ᠂ ᠱᠠᠰᠢᠨ ᠰᠢᠳᠦᠯᠭᠡ ᠶᠢᠨ ᠭᠠᠵᠠᠷ ᠪᠤᠯᠤᠨ᠎ᠠ᠃  ᠰᠦᠮ᠎ᠡ ᠬᠡᠶᠢᠳ᠂  ᠡᠪᠦᠭᠡᠳ ᠤᠨ ᠰᠦᠮ᠎ᠡ᠂ ᠵᠤᠴᠢᠨ ᠤ ᠦᠷᠦᠭᠡ᠂ ᠵᠦᠪᠯᠡᠯ ᠤᠨ ᠲᠠᠩᠬᠢᠮ᠂ ᠪᠢᠴᠢᠭ ᠤᠨ ᠦᠷᠦᠭᠡ᠂ ᠵᠡᠪᠰᠡᠭ ᠤᠨ ᠡᠷᠲᠡᠮ ᠪᠤᠯᠪᠠᠰᠤᠷᠠᠬᠤ ᠭᠠᠵᠠᠷ ᠢᠶᠠᠷ ᠪᠦᠷᠢᠯᠳᠦᠵᠡᠢ᠃ ᠵᠡᠭᠦᠨ  ᠬᠦᠷᠢᠶ᠎ᠡ ᠪᠤᠯᠪᠠᠰᠤ ᠠᠮᠢᠳᠤᠷᠠᠯ ᠤᠨ ᠲᠤᠭᠤᠷᠢᠭ ᠪᠤᠯᠤᠨ᠎ᠠ᠃  ᠰᠢ ᠳᠠᠭᠤᠯᠠᠬᠤ ᠠᠰᠠᠷ᠂ ᠸᠠᠩ ᠨᠤᠶᠠᠨ ᠪᠠ ᠹᠦᠵᠢᠨ ᠬᠠᠲᠤᠨ ᠤ ᠤᠨᠲᠠᠯᠭ᠎ᠠ ᠶᠢᠨ ᠤᠷᠳᠤᠨ᠂  ᠰᠠᠩ ᠬᠦᠮᠦᠷᠭᠡ᠂  ᠲᠣᠭᠤᠭᠠᠨ ᠭᠡᠷ ᠵᠡᠷᠭᠡ ᠪᠠᠷ ᠪᠦᠷᠢᠯᠳᠦᠵᠡᠢ᠃ ᠬᠤᠶᠢᠲᠤ  ᠲᠠᠯ᠎ᠠ ᠠᠨᠤ ᠴᠡᠴᠡᠭ ᠤᠨ ᠬᠦᠷᠢᠶᠡᠯᠡᠩ ᠪᠤᠯᠠᠢ᠃ ᠲᠤᠳᠤᠷ᠎ᠠ ᠨᠢ ᠠᠷᠪᠠᠨ ᠨᠢᠭᠡᠨ ᠰᠠᠭᠤᠷᠢ ᠬᠤᠷᠢᠶ᠎ᠠ ᠬᠦᠷᠢᠶ᠎ᠡ᠂ 137 ᠲᠠᠰᠤᠯᠭ᠎ᠠ ᠭᠡᠷ ᠪᠠᠶᠢᠰᠢᠩ ᠲᠠᠢ᠃    ᠬᠠᠷᠠᠴᠢᠨ ᠴᠢᠨ ᠸᠠᠩ ᠤᠨ ᠤᠷᠳᠤᠨ ᠨᠢ ᠭᠤᠷᠪᠠᠨ ᠵᠠᠭᠤ ᠭᠠᠷᠤᠢ ᠵᠢᠯ ᠤᠨ ᠰᠠᠯᠬᠢᠨ ᠪᠤᠷᠤᠭᠠᠨ ᠢ ᠥᠩᠭᠡᠷᠡᠭᠡᠵᠦ ᠂  ᠵᠡᠭᠦᠨ  ᠬᠦᠷᠢᠶ᠎ᠡ ᠪᠠ  ᠬᠤᠶᠢᠲᠤ ᠴᠡᠴᠡᠭ ᠤᠨ ᠬᠦᠷᠢᠶᠡᠯᠡᠩ ᠨᠢ ᠤᠷᠤ ᠲᠠᠰᠤ ᠦᠭᠡᠢ ᠪᠤᠯᠵᠤ᠂  ᠪᠠᠷᠠᠭᠤᠨ ᠬᠦᠷᠢᠶ᠎ᠡ ᠨᠢ ᠵᠦᠪᠬᠡᠨ  ᠭᠤᠣᠯ  ᠪᠠᠷᠢᠯᠭ᠎ᠠ ᠶᠢᠨ ᠪᠠᠭᠤᠷᠢ ᠯᠠ ᠦᠯᠡᠳᠡᠵᠡᠢ᠃ 1997 ᠣᠨ ᠳᠤ᠂ ᠤᠷᠤᠨ ᠭᠠᠵᠠᠷ ᠤᠨ ᠵᠠᠰᠠᠭ ᠤᠨ ᠤᠷᠳᠤᠨ ᠠᠴᠠ ᠶᠡᠭᠡ ᠪᠡᠯᠡ ᠤᠷᠤᠭᠤᠯᠤᠨ ᠠᠪᠤᠷᠠᠯᠲᠠ ᠶᠢᠨ ᠴᠢᠨᠠᠷᠲᠠᠢ ᠵᠠᠰᠠᠨ ᠰᠡᠯᠪᠢᠵᠦ᠂  ᠸᠠᠩ ᠤᠨ ᠤᠷᠳᠤᠨ ᠤ ᠶᠡᠭᠡ ᠡᠭᠦᠳᠡ᠂  ᠰᠡᠤᠬᠡ ᠶᠢᠨ ᠲᠠᠩᠬᠢᠮ᠂ ᠦᠴᠢᠭᠯᠡᠬᠦ ᠭᠠᠵᠠᠷ᠂  ᠵᠦᠪᠯᠡᠯᠭᠡᠨ ᠤ ᠲᠠᠩᠬᠢᠮ᠂  ᠴᠧᠩ ᠴᠢᠩ ᠠᠰᠠᠷ᠂  ᠤᠷᠠᠨ ᠵᠢᠷᠤᠭ ᠤᠨ ᠲᠠᠩᠬᠢᠮ᠂  ᠬᠠᠨᠳᠢᠪ ᠡᠷᠭᠦᠬᠦ ᠲᠠᠩᠬᠢᠮ᠂ ᠨᠣᠮ ᠤᠨ ᠦᠷᠦᠭᠡ᠂  ᠹᠦᠵᠢᠨ ᠬᠠᠲᠤᠨ ᠤ  ᠦᠷᠦᠭᠡ ᠵᠡᠷᠭᠡ ᠪᠠᠷᠢᠯᠭ᠎ᠠ ᠶᠢ ᠰᠡᠷᠭᠦᠭᠡᠨ ᠪᠠᠶᠢᠭᠤᠯᠵᠠᠢ᠃ ᠡᠭᠦᠨ ᠤ ᠬᠠᠮᠲᠤ᠂ ︽ ᠬᠠᠷᠠᠴᠢᠨ ᠴᠢᠨ ᠸᠠᠩ ᠤᠨ ᠤᠷᠳᠤᠨ ᠢ ᠲᠠᠬᠢᠨᠲᠠ ᠰᠡᠷᠭᠦᠭᠡᠭᠰᠡᠨ  ᠳᠡᠯᠭᠡᠨ ᠦᠵᠡᠭᠦᠯᠦᠯᠭᠡ︾᠂  ︽ ᠴᠢᠩ ᠤᠯᠤᠰ ᠤᠨ ᠮᠤᠩᠭᠤᠯ ᠸᠠᠩ ᠤᠨ  ᠤᠷᠳᠤᠨ ᠤ ᠲᠡᠤᠬᠡ ᠵᠢᠨ‌‍ᠲ᠋ᠡᠯᠭᠡᠨ ᠦᠵᠡᠭᠦᠯᠦᠯᠭᠡ︾  ᠵᠡᠷᠭᠡ ᠶᠡᠭᠡ ᠬᠡᠪᠴᠢᠶᠡᠨ ᠤ ᠦᠵᠡᠭᠦᠯᠦᠯᠭᠡ ᠶᠢ ᠡᠷᠬᠢᠯᠡᠵᠦ᠂  ᠬᠠᠭᠤᠴᠢ ᠰᠤᠳᠤᠯᠭᠠᠳᠠᠳ ᠠᠴᠠ  ᠲᠤᠮᠳᠠᠳᠤ ᠤᠯᠤᠰ ᠤᠨ ᠬᠠᠮᠤᠭ ᠶᠡᠭᠡ ᠮᠤᠩᠭᠤᠯ ᠸᠠᠩ ᠤᠨ ᠤᠷᠳᠤᠨ ᠤ ᠲᠡᠤᠬᠡ ᠶᠢᠨ ᠮᠦᠽᠧᠢ ᠭᠡᠵᠦ   ᠦᠵᠡᠵᠡᠭᠡᠭᠰᠡᠨ ᠪᠠᠶᠢᠨ᠎ᠠ᠃    ᠬᠠᠷᠠᠴᠢᠨ ᠴᠢᠨ ᠸᠠᠩ ᠤᠨ ᠤᠷᠳᠤᠨ ᠨᠢ ᠦᠪᠦᠷ ᠮᠤᠩᠭᠤᠯ ᠤᠷᠤᠨ ᠳᠤ ᠬᠠᠮᠤᠭ ᠡᠷᠲᠡ ᠪᠠᠶᠢᠭᠤᠯᠤᠭᠳᠠᠭᠰᠠᠨ᠂ ᠬᠡᠪᠴᠢᠶ᠎ᠡ ᠪᠠᠷ ᠬᠠᠮᠤᠭ ᠶᠡᠭᠡ᠂ ᠳᠡᠳ᠋ ᠪᠠᠷᠢᠮᠵᠢᠶ᠎ᠠ ᠬᠠᠮᠤᠭ ᠦᠨᠳᠦᠷ᠂  ᠬᠠᠮᠤᠭ ᠰᠠᠶᠢᠨ ᠬᠠᠳᠠᠭᠠᠯᠠᠭᠳᠠᠵᠤ ᠪᠠᠶᠢᠭ᠎ᠠ ᠸᠠᠩ ᠤᠨ ᠤᠷᠳᠤᠨ ᠪᠤᠯᠤᠨ᠎ᠠ᠃  ᠲᠡᠷᠡ ᠨᠢ ᠤᠷᠤᠨ ᠨᠣᠲᠤᠭ ᠤᠨ ᠣᠨᠴᠠᠯᠢᠭ ᠪᠠ ᠦᠨᠳᠦᠰᠦᠲᠡᠨ ᠤ ᠣᠨᠴᠠᠯᠢᠭ ᠢ  ᠭᠦᠢᠴᠡᠳ ᠬᠠᠷᠠᠭᠤᠯᠤᠭᠰᠠᠨ ᠢᠶᠠᠷ ᠪᠠᠷᠠᠬᠤ ᠦᠭᠡᠢ᠂ ᠲᠠᠶᠢᠴᠢᠩ ᠭᠦᠷᠦᠨ ᠤ  ᠡᠷᠬᠡ ᠰᠦᠷ  ᠢ ᠲᠦᠯᠦᠭᠡᠯᠡᠵᠦ ᠪᠠᠶᠢᠭ᠎ᠠ ᠶᠤᠮ᠃  ᠲᠡᠤᠬᠡ᠂ ᠰᠤᠶᠤᠯ᠂  ᠰᠢᠨᠵᠢᠯᠡᠬᠦ ᠤᠬᠠᠭᠠᠨ ᠤ ᠦᠨ᠎ᠡ ᠦᠷᠲᠡᠭ ᠲᠠᠢ᠃ 2001 ᠣᠨ ᠳᠤ᠂  ᠲᠥᠷᠦ ᠶᠢᠨ ᠶᠠᠪᠤᠳᠠᠯ ᠤᠨ ᠬᠤᠷᠢᠶ᠎ᠠ  ᠶᠢᠨ ᠭᠤᠣᠯᠳᠠᠯᠭ᠎ᠠ ᠲᠠᠢ ᠲᠡᠤᠬᠡ ᠶᠢᠨ ᠳᠤᠷᠠᠰᠬᠠᠯᠲᠤ ᠵᠦᠢᠯ ᠢ ᠬᠠᠮᠠᠭᠠᠯᠠᠬᠤ ᠨᠢᠭᠡᠴᠡ ᠶᠢᠨ ᠵᠢᠭᠰᠠᠭᠠᠯ ᠳᠤ ᠤᠷᠤᠵᠠᠢ᠃ ᠸᠠᠩ ᠤᠨ ᠤᠷᠳᠤᠨ ᠳᠤ ︽ ᠲᠤᠮᠳᠠᠳᠤ ᠶᠢᠨ ᠬᠠᠴᠢᠨ ᠮᠤᠳᠤ︾  ᠬᠡᠮᠡᠨ ᠠᠯᠳᠠᠷᠰᠢᠭᠰᠠᠨ  ᠯᠤᠤ  ᠭᠠᠷᠤᠳᠢ ᠶᠢᠨ ᠨᠠᠷᠠᠰᠤ ᠬᠡᠮᠡᠬᠦ  ᠬᠤᠶᠠᠷ ᠰᠠᠭᠤᠷᠢ ᠪᠠᠶᠢᠭᠠᠯᠢᠯᠢᠭ ᠡᠷᠲᠡᠨ ᠤ  ᠨᠠᠷᠠᠰᠤᠨ ᠮᠤᠳᠤ ᠪᠠᠶᠢᠳᠠᠭ᠃     ᠸᠠᠩ ᠤᠨ ᠤᠷᠳᠤᠨ ᠤ ᠡᠮᠦᠨᠡᠬᠢ ᠠᠭᠤᠳᠠᠮ ᠲᠠᠯᠠᠪᠠᠢ ᠳᠤ ᠬᠠᠷᠠᠴᠢᠨ ᠬᠤᠰᠢᠭᠤᠨ ᠤ ᠠᠷᠪᠠᠨ ᠬᠤᠶᠠᠳᠤᠭᠠᠷ  ᠦᠶ᠎ᠡ ᠶᠢᠨ  ᠴᠢᠨ ᠸᠠᠩ  ᠭᠦᠩᠰᠠᠩᠨᠤᠷᠪᠤ ᠶᠢᠨ  ᠱᠤᠭᠤᠮᠠᠯ ᠬᠦᠷᠦᠭ ᠪᠠᠶᠢᠳᠠᠭ᠃  ᠭᠦᠩᠰᠠᠩᠨᠤᠷᠪᠤ᠂ 1872 ᠣᠨ ᠳᠤ ᠲᠦᠷᠦᠵᠡᠢ᠃1898 ᠣᠨ ︵ ᠪᠠᠳᠠᠷᠠᠭᠤᠯᠲᠤ ᠲᠦᠷᠥ  ᠶᠢᠨ ᠬᠤᠷᠢᠨ ᠳᠦᠷᠪᠡᠳᠦᠭᠡᠷ ᠣᠨ︶ ᠳᠤ 27 ᠨᠠᠰᠤᠲᠠᠢ ᠳᠠᠭᠠᠨ ᠸᠠᠩ ᠤᠨ ᠰᠠᠭᠤᠷᠢᠨ ᠳᠤ ᠰᠠᠭᠤᠵᠠᠢ᠃  ᠬᠠᠷᠠᠴᠢᠨ ᠪᠠᠷᠠᠭᠤᠨ ᠭᠠᠷᠤᠨ ᠬᠤᠰᠢᠭᠤᠨ ᠤ ᠵᠠᠰᠠᠭᠲᠤ ᠴᠢᠨ ᠸᠠᠩ  ᠪᠠ  ᠵᠤᠰᠤᠲᠤ ᠶᠢᠨ ᠴᠢᠭᠤᠯᠭᠠᠨ ᠤ ᠬᠠᠪᠰᠤᠷᠤᠭᠴᠢ ᠴᠢᠭᠤᠯᠭᠠᠨ ᠲᠠᠷᠤᠭ᠎ᠠ ᠶᠢᠨ ᠲᠤᠰᠢᠶᠠᠯ ᠢ ᠬᠠᠷᠢᠭᠤᠴᠠᠵᠤ ᠪᠠᠶᠢᠪᠠ᠃  ᠭᠦᠩᠰᠠᠩᠨᠤᠷᠪᠤ ᠪᠣᠯ ᠬᠠᠷᠠᠴᠢᠨ ᠬᠤᠰᠢᠭᠤᠨ ᠤ ᠬᠠᠮᠤᠭ  ᠰᠡᠭᠦᠯᠴᠢ ᠶᠢᠨ ᠸᠠᠩ ᠮᠦᠨ  ᠪᠦᠭᠡᠳ  ᠮᠠᠰᠢ ᠭᠠᠪᠢᠶ᠎ᠠ  ᠵᠢᠳᠬᠦᠯ ᠲᠠᠢ  ᠶᠤᠮ᠃  ᠲᠡᠷᠡ ᠬᠠᠷᠠᠬᠠᠨ ᠪᠠᠭ᠎ᠠ ᠠᠴᠠ ᠪᠠᠨ ᠦᠨᠳᠦᠷ  ᠵᠡᠷᠭᠡ ᠵᠢᠨ‌‍ᠰᠤᠷᠭᠠᠨ ᠬᠦᠮᠦᠵᠢᠯ ᠬᠦᠷᠲᠡᠵᠦ᠂  ᠮᠤᠩᠭᠤᠯ ᠬᠢᠲᠠᠳ ᠮᠠᠨᠵᠤ ᠲᠥᠪᠡᠳ ᠪᠢᠴᠢᠭ ᠲᠤᠷ ᠴᠠᠭᠠᠷᠠᠵᠤ᠂ ᠪᠢᠴᠢᠭ ᠴᠡᠷᠢᠭ ᠤᠨ ᠡᠷᠳᠡᠮ ᠬᠤᠤᠰᠯᠠᠭᠰᠠᠨ ᠬᠦᠮᠦᠨ ᠶᠤᠮ᠃  ᠲᠡᠷᠡ ᠪᠠᠷ ᠦᠪᠤᠷ‌‍ᠷ ᠮᠤᠩᠭᠤᠯ ᠤᠷᠤᠨ ᠳᠤᠷ  ︽ ᠲᠠᠪᠤᠨ ᠠᠩᠬᠠᠳᠤᠭᠠᠷ︾  ᠢ ᠪᠡᠶᠡᠯᠡᠭᠦᠯᠦᠭᠰᠡᠨ ᠪᠠᠶᠢᠳᠠᠭ᠃    ᠠᠩᠬᠠᠳᠠᠭᠴᠢ ᠰᠤᠷᠭᠠᠭᠤᠯᠢ  ᠪᠠᠶᠢᠭᠤᠯᠪᠠ᠃  ᠪᠠᠳᠠᠷᠠᠭᠤᠯᠲᠤ ᠲᠥᠷᠦ ᠶᠢᠨ ᠬᠤᠷᠢᠨ  ᠨᠠᠢᠮᠠᠳᠤᠭᠠᠷ ᠣᠨ ︵1902 ᠣᠨ︶ ᠳᠤ᠂  ᠲᠡᠷᠡ ᠪᠠᠷ ᠸᠠᠩ ᠤᠨ ᠤᠷᠳᠤᠨ ᠤ ᠪᠠᠷᠠᠭᠤᠨ ᠬᠦᠷᠢᠶᠡᠨ ᠳᠤ  ᠴᠦᠩ ᠵᠧᠩ  ᠰᠤᠷᠭᠠᠭᠤᠯᠢ ᠶᠢ ᠪᠠᠶᠢᠭᠤᠯᠵᠤ᠂  ᠬᠤᠰᠢᠭᠤᠨ ᠤ ᠬᠡᠪᠴᠢᠶ᠎ᠡ ᠠᠴᠠ 30 ᠭᠠᠷᠤᠢ ᠰᠤᠷᠬᠤ ᠨᠠᠰᠤᠨ ᠤ ᠬᠡᠤᠬᠡᠳ ᠢ ᠡᠯᠰᠡᠵᠦ᠂  ᠦᠪᠡᠷᠲᠡᠭᠡᠨ ᠵᠠᠬᠢᠷᠤᠯ ᠪᠤᠯᠪᠠ᠃   ᠣᠳᠤ ᠶᠢᠨ ᠸᠠᠩ ᠤᠨ ᠤᠷᠳᠤᠨ ᠤ ᠲᠤᠮᠳᠠᠳᠤ ᠰᠤᠷᠭᠠᠭᠤᠯᠢ ᠪᠤᠯ ᠲᠠᠷᠤᠢ ᠴᠦᠩ ᠵᠧᠩ  ᠰᠤᠷᠭᠠᠭᠤᠯᠢ ᠶᠢᠨ ᠤᠯᠠᠷᠢᠯ ᠪᠤᠯᠤᠨ᠎ᠠ᠃ 100 ᠵᠢᠯ ᠤᠨ ᠰᠤᠷᠭᠠᠭᠤᠯᠢ ᠡᠷᠬᠢᠯᠡᠬᠦ ᠶᠠᠪᠤᠴᠠ ᠳᠠᠭᠠᠨ ᠬᠡᠳᠦᠨ ᠲᠦᠮᠡᠨ ᠰᠤᠷᠤᠭᠴᠢ ᠶᠢ ᠬᠦᠮᠦᠵᠢᠭᠦᠯᠦᠨ ᠭᠠᠷᠭᠠᠵᠤ᠂  ᠪᠦᠬᠦ ᠤᠯᠤᠰ ᠤᠨ ᠡᠯ᠎ᠡ ᠭᠠᠵᠠᠷ ᠲᠤ  ᠰᠤᠷᠭᠠᠭᠤᠯᠢ ᠶᠢᠨ ᠬᠠᠨᠢᠲᠠᠨ ᠪᠠᠶᠢᠳᠠᠭ ᠶᠤᠮ᠃    ᠠᠩᠬᠠᠳᠠᠭᠴᠢ ᠦᠬᠢᠳ ᠤᠨ ᠰᠤᠷᠭᠠᠭᠤᠯᠢ ᠶᠢ  ᠪᠠᠶᠢᠭᠤᠯᠪᠠ᠃ ᠪᠠᠳᠠᠷᠠᠭᠤᠯᠲᠤ ᠲᠥᠷᠦ ᠶᠢᠨ  ᠭᠤᠴᠢᠳᠤᠭᠠᠷ ᠣᠨ  ᠳᠤ᠂ ᠭᠦᠨᠰᠡᠨᠨᠤᠷᠪᠤᠤ ᠶᠠᠫᠤᠨ ᠳᠤ  ᠠᠶᠢᠯᠠᠴᠢᠯᠠᠵᠤ᠂ ᠶᠠᠫᠤᠨ ᠤ ᠲᠡᠷᠢᠭᠦᠨ ᠰᠠᠶᠢᠳ ᠤᠨ  ᠠᠭᠤᠯᠵᠠᠯᠲᠠ ᠶᠢ ᠬᠦᠯᠢᠶᠡᠭᠡᠳ᠂  ᠶᠠᠫᠤᠨ ᠤ  ᠰᠢᠨᠡᠴᠢᠯᠡᠯᠲᠡ ᠰᠡᠷᠭᠦᠯᠲᠡ ᠨᠢ  ᠰᠤᠶᠤᠯ  ᠂ ᠰᠢᠨᠵᠢᠯᠡᠬᠦ ᠤᠬᠠᠭᠠᠨ  ᠂ ᠰᠤᠷᠭᠠᠨ ᠬᠦᠮᠦᠵᠢᠯ  ᠢ ᠬᠦᠨᠳᠦᠳᠬᠡᠭᠰᠡᠨ ᠲᠠᠢ ᠬᠤᠯᠪᠤᠭᠳᠠᠯ ᠲᠠᠢ ᠭᠡᠳᠡᠭ ᠢ  ᠰᠡᠷᠡᠵᠦ ᠮᠡᠳᠡᠵᠤ᠂  ᠨᠡᠩ ᠴᠦ  ᠲᠤᠬᠠᠢ ᠶᠢᠨ ᠴᠠᠭ ᠦᠶ᠎ᠡ ᠶᠢᠨ ᠮᠤᠩᠭᠤᠯ ᠤᠷᠤᠨ ᠤ ᠬᠤᠴᠤᠷᠠᠩᠭᠤᠢ  ᠪᠠᠶᠢᠳᠠᠯ ᠨᠢ ᠰᠤᠶᠤᠯ ᠰᠤᠷᠭᠠᠨ ᠬᠦᠮᠦᠵᠢᠯ  ᠢ ᠬᠦᠭᠵᠢᠭᠦᠯᠬᠦ ᠶᠢ ᠲᠤᠩ ᠶᠡᠭᠡ ᠱᠠᠭᠠᠷᠳᠠᠭᠳᠠᠵᠤ ᠪᠠᠶᠢᠬᠤ  ᠪᠠᠶᠢᠳᠠᠯ ᠳᠤ ᠴᠢᠭᠯᠡᠭᠦᠯᠦᠨ᠂  ᠤᠯᠤᠰ ᠲᠠᠭᠠᠨ ᠪᠤᠴᠠᠮᠠᠭᠴᠠ ᠢᠤᠢ ᠵᠧᠩ ᠥᠬᠢᠳ ᠤᠨ ᠰᠤᠷᠭᠠᠭᠤᠯᠢ ᠪᠠ  ᠱᠤ᠋ ᠵᠧᠩ ᠵᠡᠪᠰᠡᠭ ᠤᠨ ᠡᠷᠳᠡᠮ ᠪᠤᠯᠪᠠᠰᠤᠷᠠᠬᠤ ᠲᠠᠩᠬᠢᠮ ᠢ ᠪᠠᠶᠢᠭᠤᠯᠪᠠ᠃  ᠠᠩᠬᠠᠳᠠᠭᠴᠢ ᠭᠠᠳᠠᠭᠠᠳᠤ ᠳᠤ ᠰᠤᠷᠤᠯᠴᠠᠬᠤ ᠰᠤᠷᠤᠭᠴᠢ ᠶᠢ ᠲᠤᠮᠢᠯᠠᠪᠠ᠃ ᠰᠤᠷᠭᠠᠨ ᠬᠦᠮᠦᠵᠢᠯ ᠤᠨ ᠶᠠᠰᠤ ᠴᠢᠨᠠᠷ ᠢ ᠳᠡᠭᠡᠭᠰᠢᠯᠡᠭᠦᠯᠬᠦ ᠶᠢᠨ ᠲᠦᠯᠦᠭᠡ᠂  ᠡᠯ᠎ᠡ ᠰᠤᠷᠭᠠᠭᠤᠯᠢ ᠠᠴᠠ ᠭᠤᠣᠯᠯᠠᠭᠴᠢ ᠪᠠᠭᠰᠢ  ᠨᠠᠷ ᠢ  ᠰᠣᠩᠭᠤᠵᠦ᠂ ᠤᠯᠤᠰ ᠤᠨ ᠭᠠᠳᠠᠨ᠎ᠠ  ᠪᠤᠶᠤ ᠪᠡᠭᠡᠵᠢᠩ᠂ ᠲᠢᠶᠠᠨᠵᠢᠨ᠂ ᠱᠠᠩᠬᠠᠢ ᠵᠡᠷᠭᠡ ᠭᠠᠵᠠᠷ ᠬᠦᠷᠭᠡᠨ ᠰᠤᠷᠤᠯᠴᠠᠭᠤᠯᠪᠠ᠃    ᠠᠩᠬᠠᠳᠠᠭᠴᠢ ᠰᠤᠨᠢᠨ  ᠡᠷᠬᠢᠯᠡᠪᠡ᠃ ᠬᠤᠰᠢᠭᠤᠨ ᠤ ᠠᠷᠠᠳ ᠤᠨ ᠬᠡᠪ ᠴᠢᠨᠠᠷ ᠢ ᠳᠡᠭᠡᠭᠰᠢᠯᠡᠭᠦᠯᠵᠦ᠂ ᠮᠤᠩᠭᠤᠯ ᠤᠨ  ᠲᠤᠳᠤᠨ᠎ᠠ ᠭᠠᠳᠠᠨᠠᠬᠢ ᠪᠠᠶᠢᠳᠠᠯ ᠢ ᠤᠶᠢᠯᠠᠭᠠᠭᠤᠯᠬᠤ  ᠶᠢᠨ ᠲᠦᠯᠦᠭᠡ᠂  ᠦᠪᠦᠷ ᠮᠤᠩᠭᠤᠯ ᠤᠷᠤᠨ ᠤ ᠠᠩᠬᠠᠳᠠᠭᠴᠢ ᠰᠤᠨᠢᠨ ︽ ᠶᠢᠩ ᠪᠤᠤ︾  ᠶᠢ ᠡᠷᠬᠢᠯᠡᠵᠦ᠂ ᠰᠤᠨᠢᠨ ᠤ ᠬᠤᠷᠢᠶ᠎ᠠ ᠪᠠᠶᠢᠭᠤᠯᠤᠭᠰᠠᠨ ᠪᠠᠶᠢᠨ᠎ᠠ᠃    ᠠᠩᠬᠠᠳᠠᠭᠴᠢ ᠰᠢᠤᠳᠠᠨ ᠬᠤᠯᠪᠤᠭ᠎ᠠ ᠶᠢ ᠪᠠᠶᠢᠭᠤᠯᠪᠠ᠃ ᠭᠦᠩᠰᠠᠩᠨᠤᠷᠪᠤ ᠸᠠᠩ ᠦᠪᠦᠷ ᠮᠤᠩᠭᠤᠯ ᠤᠨ ᠠᠩᠬᠠᠳᠠᠭᠴᠢ ᠰᠢᠤᠳᠠᠨ ᠬᠤᠯᠪᠤᠭ᠎ᠠ ᠶᠢ ᠪᠠᠶᠢᠭᠤᠯᠤᠭᠰᠠᠨ ᠪᠦᠭᠡᠳ ᠬᠠᠷᠠᠴᠢᠨ ᠠᠴᠠ ᠸᠧᠢ ᠴᠠᠩ ᠬᠦᠷᠬᠦ   ᠳ᠋ᠢᠶᠠᠩᠬᠤᠸᠠ ᠶᠢ ᠨᠡᠪᠲᠡᠷᠡᠭᠦᠯᠦᠭᠰᠡᠨ ᠪᠠᠶᠢᠨ᠎ᠠ᠃
 
ᠢᠷᠡᠯᠲᠡ᠄ ᠬᠠᠷᠠᠴᠢᠨ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号