ᠡᠮᠡᠭᠡᠯᠠᠠᠭᠤᠯᠠ ᠪᠠᠶᠢᠭᠠᠯᠢ ᠶᠢᠨ ᠦᠵᠡᠮᠵᠢ ᠶᠢᠨ ᠤᠷᠤᠨ
ᠨᠡᠶᠢᠲᠡᠯᠡᠭᠰᠡᠨ ᠴᠠᠭ᠄
2017/12/10
    ᠡᠮᠡᠭᠡᠯᠠᠠᠭᠤᠯᠠ ᠪᠠᠶᠢᠭᠠᠯᠢ ᠶᠢᠨ ᠦᠵᠡᠮᠵᠢ ᠶᠢᠨ ᠤᠷᠤᠨ ᠨᠢ ᠬᠠᠷᠠᠴᠢᠨ ᠬᠤᠰᠢᠭᠤᠨ  ᠤ ᠵᠢᠨᠱᠠᠨ ᠪᠠᠯᠭᠠᠰᠤ ᠠᠴᠠ ᠵᠡᠭᠦᠨ ᠡᠮᠦᠨ᠎ᠡ ᠪᠤᠢ  ᠃ ᠶᠡᠷᠦᠩᠬᠡᠢ ᠡᠵᠡᠯᠡᠬᠦ ᠲᠠᠯᠠᠪᠠᠢ ᠨᠢ 3  ᠲᠦᠮᠡ ᠢᠯᠡᠭᠦᠦ ᠮᠤ᠋ ᠬᠦᠷᠴᠦ᠂  ᠭᠤᠶᠢᠳᠠ ᠥᠩᠭᠡ ᠦᠵᠡᠮᠵᠢ ᠪᠠᠷ ᠢᠶᠠᠨ ᠪᠤᠭᠤᠮᠲᠠ ᠶᠢᠨ ᠭᠠᠳᠠᠨᠠᠬᠢ ᠬᠤᠸᠠᠩᠱᠠᠨ ᠠᠭᠤᠯᠠ ᠬᠡᠮᠡᠨ ᠠᠯᠳᠠᠷᠰᠢᠵᠤᠬᠤᠢ᠃ 1993 ᠣᠨ ᠳᠤ ᠤᠯᠤᠰ ᠤᠨ ᠤᠢ ᠰᠢᠭᠤᠢ ᠶᠢᠨ ᠶᠠᠮᠤᠨ ᠠᠴᠠ ᠤᠯᠤᠰ ᠤᠨ ᠳᠡᠰ  ᠤᠨ ᠤᠢ ᠰᠢᠭᠤᠢ ᠶᠢᠨ ᠴᠡᠴᠡᠷᠯᠢᠭ ᠭᠡᠵᠦ ᠲᠤᠭᠳᠠᠭᠠᠵᠤ᠂2008 ᠣᠨ ᠳᠤ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠠᠴᠠAAA ᠳᠡᠰ ᠤᠨ ᠦᠵᠡᠮᠵᠢ ᠶᠢᠨ ᠤᠷᠤᠨ ᠢᠶᠠᠷ ᠦᠨᠡᠯᠡᠪᠡ᠃      ᠡᠮᠡᠭᠡᠯᠠᠠᠭᠤᠯᠠ ᠳᠤ ᠳᠦᠷᠪᠡᠨ ᠶᠡᠭᠡ ᠭᠠᠶᠢᠬᠠᠮᠰᠢᠭᠲᠤ ᠦᠵᠡᠮᠵᠢ ᠪᠠᠶᠢᠳᠠᠭ  ᠃ ᠨᠢᠭᠡ ᠲᠤ ᠨᠢ ᠬᠠᠴᠢᠨ ᠵᠢᠭᠲᠡᠢ ᠡᠮᠡᠭᠡᠯ ᠤᠷᠬᠢᠯ᠂ ᠦᠬᠡᠷᠴᠢᠨ ᠬᠦᠦ ᠶᠢᠨ ᠤᠷᠬᠢᠯ᠂ ᠡᠭᠡᠴᠢ ᠳᠡᠭᠦᠦ ᠤᠷᠬᠢᠯ᠂ ᠪᠢᠯᠢᠭᠲᠦ ᠲᠡᠯᠳᠡᠤ ᠶᠢᠨ ᠤᠷᠬᠢᠯ᠂ ᠲᠤᠳᠢ ᠰᠢᠪᠠᠭᠤᠨ ᠤᠷᠬᠢᠯ᠂ ᠨᠡᠬᠡᠮᠡᠯᠴᠢᠨ ᠦᠬᠢᠨ ᠤᠷᠬᠢᠯ ᠵᠡᠷᠭᠡ ᠠᠭᠤᠯᠠᠨ ᠤᠷᠬᠢᠯ ᠨᠤᠭᠤᠳ   ᠨᠢ ᠬᠤᠪᠢ ᠬᠤᠪᠢ  ᠶᠢᠨ ᠣᠨᠴᠠᠯᠢᠭ ᠢᠶᠠᠷ ᠢᠶᠠᠨ ᠰᠡᠬᠦᠶᠢᠨ ᠰᠦᠨᠳᠡᠷᠯᠡᠵᠦ᠂ ᠬᠦᠮᠦᠰ ᠢ ᠭᠠᠶᠢᠬᠠᠰᠢ ᠠᠯᠳᠠᠭᠤᠯᠳᠠᠭ ᠪᠠᠶᠢᠨ᠎ᠠ᠃  ᠬᠤᠶᠠᠷ ᠲᠤ ᠨᠢ ᠤᠷᠬᠢᠯ ᠨᠤᠭᠤᠳ ᠤᠨ ᠬᠤᠭᠤᠷᠤᠨᠳᠤ ᠨᠢ ᠡᠭᠦᠯᠡᠨ ᠲᠠᠯᠠᠢ  ᠬᠦᠪᠦᠯᠵᠡᠭᠡᠳ ᠶᠠᠭ ᠯᠠ ᠡᠭᠦᠯᠡ ᠬᠦᠯᠦᠭᠯᠡᠨ ᠲᠡᠭᠷᠢ ᠶᠢᠨ ᠤᠷᠤᠨ ᠢᠶᠠᠷ ᠵᠣᠷᠴᠢᠬᠤ ᠪᠠᠶᠢᠬᠤ ᠰᠢᠭ ᠰᠠᠨᠠᠭᠳᠠᠳᠠᠭ᠃  ᠭᠤᠷᠪᠠ ᠳᠤ ᠨᠢ ᠮᠢᠩᠭᠠᠨ  ᠣᠨ ᠤ ᠲᠠᠶᠢᠯᠤᠭᠳᠠᠰᠢ ᠦᠭᠡᠢ ᠣᠨᠢᠰᠤᠭ᠎ᠠ ᠪᠤᠯᠤᠭᠰᠠᠨ ᠬᠠᠯᠠᠭᠤᠨ ᠵᠤᠨ ᠤ ᠹᠦ᠋ ᠶᠢᠨ ᠴᠠᠭ ᠲᠤ ᠬᠠᠪᠢᠴᠠᠯ ᠵᠠᠯᠭ᠎ᠠ ᠳᠤ  ᠨᠢ ᠬᠦᠢᠲᠡᠨ ᠤᠷᠬᠢᠵᠤ᠂ ᠵᠠᠷᠢᠮ ᠳᠤᠨᠢ ᠮᠦᠰᠦᠨ ᠬᠦᠷᠬᠢᠷᠡᠭᠡ ᠲᠠᠢ ᠨᠢ ᠬᠠᠴᠢᠨ ᠶᠤᠮ᠃ ᠳᠥᠷᠪᠡ ᠳᠤ ᠨᠢ ᠲᠤᠩᠭᠠᠯᠠᠭ ᠪᠤᠯᠠᠭ ᠭᠠᠵᠠᠷ  ᠪᠤᠯᠭᠠᠨ ᠳᠤ  ᠤᠷᠬᠢᠯᠠᠵᠤ᠂  ᠠᠶ᠎ᠠ ᠳᠠᠭᠤᠤ ᠪᠠᠨ  ᠠᠶᠠᠯᠠᠭᠤᠯᠤᠨ  ᠠᠭᠤᠯᠠ ᠬᠦᠲᠦᠯ ᠢ ᠲᠤᠭᠤᠷᠢᠨ ᠤᠷᠤᠰᠴᠤ᠂  ᠦᠨᠡᠬᠡᠷ ᠬᠦᠮᠦᠨ ᠤ  ᠣᠷᠴᠢᠯᠠᠩ  ᠤᠨ  ᠳ᠋ᠡᠸᠠᠵᠠᠨ ᠬᠡᠮᠡᠬᠦ ᠪᠤᠯᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号