ᠬᠤᠲᠠ ᠬᠠᠮᠠᠭᠠᠯᠠᠬᠤ ᠪᠦᠲᠦᠭᠡᠨ ᠪᠠᠶᠢᠭᠤᠯᠤᠯᠲᠠ ᠶᠢᠨ ᠭᠠᠶᠢᠯᠢ ᠶᠢᠨ ᠲᠠᠶᠢᠯᠪᠤᠷᠢᠯᠠᠯᠲᠠ
ᠨᠡᠶᠢᠲᠡᠯᠡᠭᠰᠡᠨ ᠴᠠᠭ᠄
2017/11/20
     1. ᠭᠠᠶᠢᠯᠢ ᠲᠤᠰᠢᠶᠠᠭᠴᠢ      ᠬᠤᠲᠠ ᠬᠠᠮᠠᠭᠠᠯᠠᠬᠤ ᠪᠦᠲᠦᠭᠡᠨ ᠪᠠᠶᠢᠭᠤᠯᠤᠯᠲᠠ ᠶᠢᠨ ᠭᠠᠶᠢᠯᠢ ᠶᠢᠨ ᠭᠠᠶᠢᠯᠢ ᠲᠤᠰᠢᠶᠠᠭᠴᠢ ᠳᠤ ᠦᠷᠲᠡᠭ ᠨᠡᠮᠡᠭᠳᠡᠯ ᠤᠨ ᠭᠠᠶᠢᠯᠢ᠂ ᠬᠡᠷᠡᠭᠯᠡᠭᠡᠨ ᠤ ᠭᠠᠶᠢᠯᠢ᠂ ᠡᠵᠡᠩᠨᠡᠯᠲᠡ ᠶᠢᠨ ᠭᠠᠶᠢᠯᠢ ᠲᠤᠰᠢᠶᠠᠬᠤ ᠡᠯ᠎ᠡ ᠲᠦᠷᠥᠯ ᠤᠨ ᠠᠵᠤ ᠠᠬᠤᠶᠢᠯᠠᠯ᠂ ᠨᠢᠭᠡᠴᠡ᠂ ᠬᠤᠪᠢ ᠶᠢᠨ ᠡᠵᠡᠩᠨᠡᠭᠴᠢ ᠪᠠ ᠪᠤᠰᠤᠳ ᠬᠦᠮᠦᠨ ︵ᠭᠠᠳᠠᠭᠠᠲᠤ ᠶᠢᠨ ᠬᠤᠳᠠᠯᠳᠤᠭᠠᠴᠢᠨ ᠤ ᠪᠡᠯᠡ ᠤᠷᠤᠭᠤᠯᠤᠭᠰᠠᠨ ᠠᠵᠤ ᠠᠬᠤᠶᠢᠯᠠᠯ᠂ ᠭᠠᠳᠠᠭᠠᠲᠤ ᠤᠯᠤᠰ ᠤᠨ ᠠᠵᠤ ᠠᠬᠤᠶᠢᠯᠠᠯ ᠪᠠ ᠭᠠᠳᠠᠭᠠᠲᠤ ᠶᠢᠨ ᠬᠦᠮᠦᠨ ᠪᠠᠭᠲᠠᠬᠤ ᠦᠭᠡᠢ︶ ᠪᠠᠭᠲᠠᠨ᠎ᠠ᠃      2. ᠭᠠᠶᠢᠯᠢ ᠶᠢᠨ ᠨᠤᠷᠮ᠎ᠠ ᠪᠠ ᠲᠤᠰᠢᠶᠠᠪᠠᠰᠦ ᠵᠣᠬᠢᠬᠤ ᠭᠠᠶᠢᠯᠢ ᠶᠢᠨ ᠲᠤᠭ᠎ᠠ ᠶᠢ ᠪᠤᠳᠤᠬᠤ ᠠᠷᠭ᠎ᠠ      ᠬᠤᠲᠠ ᠬᠠᠮᠠᠭᠠᠯᠠᠬᠤ ᠪᠦᠲᠦᠭᠡᠨ ᠪᠠᠶᠢᠭᠤᠯᠤᠯᠲᠠ ᠶᠢᠨ ᠭᠠᠶᠢᠯᠢ ᠶᠢ ᠭᠠᠶᠢᠯᠢ ᠲᠤᠰᠢᠶᠠᠭᠴᠢ ᠶᠢᠨ ᠪᠠᠶᠢᠭ᠎ᠠ ᠭᠠᠵᠠᠷ ᠤᠨ ᠶᠤᠰᠤᠭᠠᠷ ᠵᠦᠷᠢᠶᠡᠲᠦ ᠭᠠᠶᠢᠯᠢ ᠶᠢᠨ ᠨᠤᠷᠮ᠎ᠠ ᠶᠢ ᠬᠡᠷᠡᠭᠵᠢᠭᠦᠯᠥᠨ᠎ᠡ᠄ ᠬᠤᠲᠠ ᠲᠤᠭᠤᠷᠢᠭ ᠤᠨ ᠭᠠᠶᠢᠯᠢ ᠶᠢᠨ ᠨᠤᠷᠮ᠎ᠠ ᠨᠢ 7% ᠪᠣᠯᠤᠨ᠎ᠠ᠂ ᠰᠢᠶᠠᠨ ᠤ ᠬᠤᠲᠠ᠂ ᠪᠠᠶᠢᠭᠤᠯᠤᠮᠵᠢᠲᠤ ᠪᠠᠯᠭᠠᠰᠤ ᠶᠢᠨ ᠭᠠᠶᠢᠯᠢ ᠶᠢᠨ ᠨᠤᠷᠮ᠎ᠠ ᠨᠢ 5%᠂ ᠪᠤᠰᠤᠳ ᠭᠠᠵᠠᠷ ᠤᠷᠤᠨ ᠤ ᠭᠠᠶᠢᠯᠢ ᠶᠢᠨ ᠨᠤᠷᠮ᠎ᠠ ᠨᠢ 1% ᠪᠣᠯᠤᠨ᠎ᠠ᠃ ᠲᠤᠰ ᠭᠠᠶᠢᠯᠢ ᠶᠢ ᠭᠠᠶᠢᠯᠢ ᠲᠤᠰᠢᠶᠠᠭᠴᠢ ᠶᠢᠨ ᠪᠤᠳᠠᠲᠠᠢ ᠲᠤᠰᠢᠶᠠᠵᠦ ᠪᠠᠶᠢᠭ᠎ᠠ ᠦᠷᠲᠡᠭ ᠨᠡᠮᠡᠭᠳᠡᠯ ᠤᠨ ᠭᠠᠶᠢᠯᠢ᠂ ᠬᠡᠷᠡᠭᠯᠡᠭᠡᠨ ᠤ ᠭᠠᠶᠢᠯᠢ ᠂ ᠡᠵᠡᠩᠨᠡᠯᠲᠡ ᠶᠢᠨ ᠭᠠᠶᠢᠯᠢ ᠪᠠᠷ ᠭᠠᠶᠢᠯᠢ ᠪᠤᠳᠤᠬᠤ ᠦᠨᠳᠦᠰᠦᠯᠡᠯ ᠪᠤᠯᠭᠠᠨ᠂ ᠲᠤᠰ ᠲᠤᠰ ᠳᠡᠭᠡᠷ᠎ᠡ ᠦᠬᠦᠯᠡᠭᠰᠡᠨ ᠭᠤᠷᠪᠠᠨ ᠵᠦᠢᠯ ᠤᠨ ᠭᠠᠶᠢᠯᠢ ᠶᠢ ᠵᠡᠷᠭᠡ ᠳᠤᠨᠢ ᠲᠤᠰᠢᠶᠠᠨ᠎ᠠ᠃ ᠲᠤᠰᠢᠶᠠᠪᠠᠰᠦ ᠵᠣᠬᠢᠬᠤ ᠭᠠᠶᠢᠯᠢ ᠶᠢᠨ ᠲᠤᠭ᠎ᠠ ᠶᠢ ᠪᠤᠳᠤᠬᠤ ᠲᠤᠮᠢᠶ᠎ᠠ᠄     ᠲᠤᠰᠢᠶᠠᠪᠠᠰᠦ ᠵᠣᠬᠢᠬᠤ ᠭᠠᠶᠢᠯᠢ ᠶᠢᠨ ᠲᠤᠭ᠎ᠠ = ᠭᠠᠶᠢᠯᠢ ᠪᠤᠳᠤᠬᠤ ᠦᠨᠳᠦᠰᠦᠯᠡᠯ × ᠲᠣᠬᠢᠷᠠᠬᠤ ᠭᠠᠶᠢᠯᠢ ᠶᠢᠨ ᠨᠤᠷᠮ᠎ᠠ
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号