| ᠨᠢᠭᠡ᠂ ᠲᠣᠬᠠᠶᠢᠯᠠᠭᠰᠠᠨ ᠠᠵᠢᠯ ᠤᠨ ᠲᠦᠢᠮᠤ | ᠮᠠᠨ ᠤ ᠤᠯᠤᠰ ᠤᠨ ᠬᠢᠯᠢ ᠲᠣᠳᠣᠷᠠᠬᠢ ᠪᠠᠶᠢᠭᠤᠯᠤᠮᠵᠢ ︵ᠺᠣᠮᠫᠠᠨᠢ᠂ ᠠᠵᠤ ᠠᠬᠤᠶᠢᠯᠠᠯ᠂ ᠪᠠᠶᠢᠭᠤᠯᠭ᠎ᠠ | ᠪᠦᠯᠬᠦᠮ ᠵᠢᠴᠢ ᠡᠯ᠎ᠡ ᠲᠦᠷᠦᠯ ᠤᠨ ᠵᠣᠬᠢᠶᠠᠨ ᠪᠠᠶᠢᠭᠤᠯᠤᠯᠲᠠ ᠵᠡᠷᠭᠡ ᠶᠢ ᠵᠢᠭᠠᠵᠤ ᠪᠤᠢ︶ ᠠᠷᠠᠯᠵᠢᠶᠠᠨ ᠤ ᠪᠤᠰᠣ ᠵᠢᠴᠢ | ᠬᠡᠰᠡᠭ ᠬᠥᠷᠦᠩᠭᠡ ᠶᠢᠨ ᠲᠦᠷᠦᠯ ᠵᠦᠢᠯ ᠤᠨ ᠳᠣᠣᠷ᠎ᠠ ᠭᠤᠪᠢᠭᠤᠯᠭ᠎ᠠ ᠬᠤᠳᠠᠯᠳᠤᠨ ᠠᠪᠬᠤ ᠪᠠ ᠥᠭᠬᠦ ᠭᠠᠷᠳᠠᠮ ᠢ | ᠭᠦᠢᠴᠡᠳᠬᠡᠬᠦ ᠦᠶᠡᠰ᠂ ᠭᠠᠳᠠᠭᠠᠳᠤ ᠭᠤᠪᠢᠭᠤᠯᠭ᠎ᠠ ᠶᠢᠨ ᠵᠢᠭᠠᠨ ᠲᠣᠭᠲᠠᠭᠠᠭᠰᠠᠨ ᠪᠠᠩᠬᠢ ︵ᠪᠤᠶᠤ ᠤᠯᠤᠰ ᠤᠨ | ᠭᠠᠳᠠᠭᠠᠳᠤ ᠭᠤᠪᠢᠭᠤᠯᠭ᠎ᠠ ᠶᠢᠨ ᠬᠠᠮᠢᠶᠠᠷᠤᠯᠲᠠ ᠶᠢᠨ ᠲᠣᠪᠴᠢᠶ᠎ᠠ ᠵᠢᠴᠢ ᠲᠡᠭᠦᠨ ᠤ ᠬᠤᠪᠢᠶᠠᠷᠢ ᠰᠠᠯᠪᠤᠷᠢ ᠲᠣᠪᠴᠢᠶ᠎ᠠ︶ | ᠳᠤ ᠣᠣᠯ ᠤᠨ ᠬᠤᠯᠪᠤᠭᠳᠠᠯ ᠪᠦᠬᠦᠢ ᠬᠠᠤᠯᠢ ᠳᠦᠷᠢᠮ ᠤᠨ ᠪᠢᠴᠢᠭ ᠮᠠᠲ᠋ᠧᠷᠢᠶᠠᠯ ᠳᠤ ᠲᠣᠭᠲᠠᠭᠠᠭᠰᠠᠨ ᠬᠠᠮᠢᠶ᠎ᠠ | ᠪᠦᠬᠦᠢ ᠪᠠᠷᠢᠮᠲᠠ ᠭᠡᠷᠡᠴᠢ ᠶᠢ ᠲᠤᠰᠢᠶᠠᠬᠤ ᠠᠴᠠ ᠭᠠᠳᠠᠨ᠎ᠠ᠂ ᠪᠠᠰᠠ ᠭᠠᠶᠢᠯᠢ ᠶᠢᠨ ᠶᠠᠪᠤᠳᠠᠯ ᠤᠨ ᠪᠠᠶᠢᠭᠤᠯᠭ᠎ᠠ ᠶᠢᠨ | ᠬᠢᠵᠦ ᠥᠭᠭᠦᠭᠰᠡᠨ ᠲᠤᠰ ᠲᠦᠷᠦᠯ ᠤᠨ ᠤᠷᠤᠯᠭ᠎ᠠ ᠶᠢᠨ ᠭᠠᠶᠢᠯᠢ ᠲᠤᠰᠢᠶᠠᠬᠤ ᠭᠡᠷᠡᠴᠢ᠂ ᠭᠠᠶᠢᠯᠢ ᠶᠢᠨ ᠲᠡᠮᠳᠡᠭ ᠪᠤᠶᠤ | ᠭᠠᠶᠢᠯᠢ ᠠᠴᠠ ᠬᠡᠯᠲᠦᠷᠢᠭᠦᠯᠬᠦ ᠪᠢᠴᠢᠭ ᠮᠠᠲ᠋ᠧᠷᠢᠶᠠᠯ ᠵᠡᠷᠭᠡ ᠭᠠᠶᠢᠯᠢ ᠶᠢᠨ ᠶᠠᠪᠤᠳᠠᠯ ᠤᠨ ᠪᠠᠷᠢᠮᠲᠠ ᠭᠡᠷᠡᠴᠢ ᠶᠢ | ᠲᠤᠰᠢᠶᠠᠨ᠎ᠠ᠃ | ︽ᠬᠢᠯᠢ ᠶᠢᠨ ᠭᠠᠳᠠᠨᠠᠬᠢ ᠺᠣᠮᠫᠠᠨᠢ ᠠᠵᠤ ᠠᠬᠤᠶᠢᠯᠠᠯ ᠤᠨ ᠣᠯᠵᠠᠪᠤᠷᠢ ᠶᠢᠨ ᠭᠠᠶᠢᠯᠢ ᠶᠢᠨ ᠭᠠᠶᠢᠯᠢ ᠲᠤᠰᠢᠶᠠᠬᠤ | ᠭᠡᠷᠡᠴᠢ︾ ᠶᠢᠨ ᠬᠡᠷᠡᠭᠯᠡᠬᠦ ᠬᠡᠪᠴᠢᠶ᠎ᠡ᠄ ᠮᠠᠨ ᠤ ᠤᠯᠤᠰ ᠤᠨ ᠬᠢᠯᠢ ᠲᠤᠲᠤᠷ᠎ᠠ ᠰᠢᠭᠤᠳ ᠬᠥᠳᠡᠯᠮᠦᠷᠢ ᠦᠢᠯᠡᠴᠢᠯᠡᠭᠡ | ᠬᠠᠩᠭᠠᠭᠠᠳ ᠣᠯᠣᠭᠰᠠᠨ ᠣᠷᠣᠯᠭ᠎ᠠ᠂ ᠲᠣᠬᠠᠶᠢᠯᠠᠪᠠᠯ ᠪᠠᠷᠢᠯᠭ᠎ᠠ᠂ ᠤᠭᠰᠠᠷᠠᠬᠤ᠂ ᠵᠢᠷᠤᠵᠤ ᠲᠥᠯᠥᠪᠯᠡᠬᠦ᠂ ᠠᠰᠠᠭᠤᠵᠤ | ᠯᠠᠪᠯᠠᠬᠤ᠂ ᠣᠷᠣᠯᠠᠨ ᠭᠦᠢᠴᠡᠳᠬᠡᠬᠦ ᠵᠡᠷᠭᠡ︔ ᠮᠠᠨ ᠤ ᠤᠯᠣᠰ ᠤᠨ ᠬᠢᠯᠢ ᠲᠤᠲᠤᠷ᠎ᠠ ᠪᠠᠶᠢᠭᠤᠯᠤᠮᠵᠢ᠂ ᠲᠠᠯᠠᠪᠤᠷ | ᠪᠠᠶᠢᠭᠤᠯᠤᠭᠰᠠᠨ ᠦᠭᠡᠢ ᠭᠠᠳᠠᠭᠠᠳᠤ ᠶᠢᠨ ᠠᠵᠤ ᠠᠬᠤᠶᠢᠯᠠᠯ ᠤᠨ ᠮᠠᠨ ᠤ ᠤᠯᠤᠰ ᠠᠴᠠ ᠢᠷᠡᠯᠳᠡ ᠲᠠᠢ ᠪᠠ | ᠲᠡᠷᠡᠴᠢᠯᠡᠨ ᠮᠠᠨ ᠤ ᠤᠯᠤᠰ ᠤᠨ ᠭᠠᠶᠢᠯᠢ ᠶᠢᠨ ᠬᠠᠤᠯᠢ ᠶᠢᠨ ᠲᠤᠭᠳᠠᠭᠠᠯ ᠢᠶᠠᠷ ᠭᠠᠶᠢᠯᠢ ᠳᠠᠳᠠᠪᠤᠷᠢᠯᠠᠬᠤ ᠡᠯ᠎ᠡ | ᠲᠦᠷᠦᠯ ᠤᠨ ᠣᠷᠣᠯᠭ᠎ᠠ᠂ ᠲᠣᠬᠠᠶᠢᠯᠠᠪᠠᠯ ᠬᠦᠦ ᠮᠥᠩᠭᠦ᠂ ᠲᠦᠷᠢᠶᠡᠰᠦᠨ ᠮᠥᠩᠭᠦ᠂ ᠣᠨᠴᠠ ᠵᠥᠪᠰᠢᠶᠡᠷᠡᠭᠰᠡᠨ | ᠡᠷᠬᠡ ᠶᠢᠨ ᠬᠡᠷᠡᠭᠯᠡᠯᠳᠡ ᠶᠢᠨ ᠵᠠᠷᠤᠳᠠᠯ᠂ ᠡᠳ᠋ ᠭᠥᠷᠦᠩᠭᠡ ᠪᠠᠨ ᠰᠢᠯᠵᠢᠭᠦᠯᠦᠭᠰᠡᠨ ᠣᠷᠣᠯᠭ᠎ᠠ ᠵᠡᠷᠭᠡ ᠳᠤ ᠲᠤᠬᠢᠷᠠᠨ᠎ᠠ᠃ | ᠬᠤᠶᠠᠷ᠂ ᠬᠠᠤᠯᠢ ᠴᠠᠭᠠᠵᠠ ᠶᠢᠨ ᠦᠨᠳᠦᠰᠦᠯᠡᠯ ︽ᠠᠷᠠᠯᠵᠢᠶᠠᠨ ᠤ ᠪᠤᠰᠤ ᠵᠢᠴᠢ ᠬᠡᠰᠡᠭ ᠬᠥᠷᠦᠩᠭᠡ ᠶᠢᠨ | ᠲᠦᠷᠦᠯ ᠵᠦᠢᠯ ᠤᠨ ᠳᠣᠣᠷ᠎ᠠ ᠭᠤᠪᠢᠭᠤᠯᠭ᠎ᠠ ᠬᠤᠳᠠᠯᠳᠤᠬᠤ ᠥᠭᠬᠦ ᠳᠤ ᠲᠤᠰᠢᠶᠠᠬᠤ ᠭᠠᠶᠢᠯᠢ ᠶᠢᠨ ᠶᠠᠪᠤᠳᠠᠯ ᠤᠨ | ᠪᠠᠷᠢᠮᠲᠠ ᠭᠡᠷᠡᠴᠢ ᠶᠢᠨ ᠬᠤᠯᠪᠤᠭᠳᠠᠯ ᠪᠦᠬᠦᠢ ᠠᠰᠠᠭᠤᠳᠠᠯ ᠤᠨ ᠲᠤᠬᠠᠢ ᠤᠯᠤᠰ ᠤᠨ ᠭᠠᠳᠠᠭᠠᠳᠤ ᠭᠤᠪᠢᠭᠤᠯᠭ᠎ᠠ ᠶᠢᠨ | ᠬᠠᠮᠢᠶᠠᠷᠤᠯᠲᠠ ᠶᠢᠨ ᠲᠣᠪᠴᠢᠶ᠎ᠠ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠭᠡᠢ ᠲᠣᠪᠴᠢᠶ᠎ᠠ ᠶᠢᠨ ᠮᠡᠳᠡᠭᠳᠡᠯ︾ ︵ | ᠭᠤᠪᠢᠭᠤᠯᠭ᠎ᠠ ᠲᠠᠷᠬᠠᠭᠠᠭᠰᠠᠨ ︹1999︺372 ᠳ᠋ᠤᠭᠠᠷ ᠲᠣᠭᠠᠲᠤ︶ | ︽ᠠᠷᠠᠯᠵᠢᠶᠠᠨ ᠤ ᠪᠤᠰᠤ ᠵᠢᠴᠢ ᠬᠡᠰᠡᠭ ᠬᠥᠷᠦᠩᠭᠡ ᠶᠢᠨ ᠲᠦᠷᠦᠯ ᠵᠦᠢᠯ ᠤᠨ ᠳᠤᠤᠷ᠎ᠠ ᠭᠤᠪᠢᠭᠤᠯᠭ᠎ᠠ | ᠬᠤᠳᠠᠯᠳᠤᠬᠤ ᠥᠭᠬᠦ ᠳᠤ ᠲᠤᠰᠢᠶᠠᠬᠤ ᠭᠠᠶᠢᠯᠢ ᠶᠢᠨ ᠶᠠᠪᠤᠳᠠᠯ ᠤᠨ ᠪᠠᠷᠢᠮᠲᠠ ᠭᠡᠷᠡᠴᠢ ᠶᠢᠨ ᠬᠤᠯᠪᠣᠭᠳᠠᠯ ᠪᠦᠬᠦᠢ | ᠠᠰᠠᠭᠤᠳᠠᠯ ᠤᠨ ᠲᠣᠬᠠᠢ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠭᠡᠢ ᠲᠣᠪᠴᠢᠶ᠎ᠠ ᠤᠯᠤᠰ ᠤᠨ ᠭᠠᠳᠠᠭᠠᠳᠤ | ᠭᠤᠪᠢᠭᠤᠯᠭ᠎ᠠ ᠶᠢᠨ ᠬᠠᠮᠢᠶᠠᠷᠤᠯᠲᠠ ᠶᠢᠨ ᠲᠣᠪᠴᠢᠶ᠎ᠠ ᠶᠢᠨ ᠮᠡᠳᠡᠭᠳᠡᠯ︾ ︵ᠤᠯᠤᠰ ᠭᠠᠶᠢᠯᠢ ᠲᠠᠷᠬᠠᠭᠠᠭᠰᠠᠨ | ︹2000︺ 66 ᠳ᠋ᠤᠭᠠᠷ ᠲᠣᠭᠠᠲᠤ︶ | ᠭᠤᠷᠪᠠ᠂ ᠭᠠᠶᠢᠯᠢ ᠲᠤᠰᠢᠶᠠᠭᠴᠢ ᠶᠢᠨ ᠲᠤᠰᠢᠶᠠᠬᠤ ᠶᠤᠰᠤᠲᠠᠢ ᠭᠤᠣᠯ ᠬᠦᠰᠦᠨᠦᠭᠲᠦ᠂ ᠬᠤᠪᠢ | ︽ᠠᠷᠠᠯᠵᠢᠶᠠᠨ ᠤ ᠪᠤᠰᠤ ᠵᠢᠴᠢ ᠬᠡᠰᠡᠭ ᠬᠥᠷᠦᠩᠭᠡ ᠶᠢᠨ ᠲᠦᠷᠦᠯ ᠵᠦᠢᠯ ᠤᠨ ᠳᠣᠣᠷ᠎ᠠ ᠭᠤᠪᠢᠭᠤᠯᠭ᠎ᠠ | ᠬᠤᠳᠠᠯᠳᠤᠬᠤ ᠥᠭᠬᠦ ᠳᠤ ᠭᠠᠶᠢᠯᠢ ᠶᠢᠨ ᠶᠠᠪᠤᠳᠠᠯ ᠤᠨ ᠭᠡᠷᠡᠴᠢ ᠬᠢᠯᠭᠡᠬᠦ ᠭᠤᠶᠤᠴᠢᠯᠠᠯ ᠤᠨ ᠬᠦᠰᠦᠨᠦᠭᠲᠦ︾᠂ 1 | ᠬᠤᠪᠢ | ᠳᠥᠷᠪᠡ᠂ ᠭᠠᠶᠢᠯᠢ ᠲᠤᠰᠢᠶᠠᠭᠴᠢ ᠶᠢᠨ ᠲᠤᠰᠢᠶᠠᠬᠤ ᠶᠤᠰᠤᠲᠠᠢ ᠮᠠᠲ᠋ᠧᠷᠢᠶᠠᠯ | 1. ᠭᠡᠷ᠎ᠡ ᠪᠤᠶᠤ ᠵᠥᠪᠯᠡᠯᠴᠡᠭᠡᠷ ᠤᠨ ᠬᠠᠭᠤᠯᠪᠤᠷᠢ | 2. ᠪᠠᠷᠢᠮᠲᠠ ᠪᠤᠶᠤ ᠬᠢᠯᠢ ᠶᠢᠨ ᠭᠠᠳᠠᠨᠠᠬᠢ ᠪᠠᠶᠢᠭᠤᠯᠤᠮᠵᠢ ᠶᠢᠨ ᠭᠤᠪᠢᠭᠤᠯᠭ᠎ᠠ ᠥᠭᠬᠦ ᠳᠤ ᠱᠠᠭᠠᠷᠳᠠᠭᠰᠠᠨ | ᠠᠯᠪᠠᠨ ᠪᠢᠴᠢᠭ ᠤᠨ ᠬᠠᠭᠤᠯᠪᠤᠷᠢ | ᠲᠠᠪᠤ᠂ ᠭᠠᠶᠢᠯᠢ ᠲᠤᠰᠢᠶᠠᠭᠴᠢ ᠶᠢᠨ ᠲᠣᠬᠠᠶᠢᠯᠠᠭᠰᠠᠨ ᠠᠵᠢᠯ ᠢ ᠭᠦᠢᠴᠡᠳᠬᠡᠬᠦ ᠴᠠᠭ ᠤᠨ ᠬᠢᠵᠠᠭᠠᠷ ᠤᠨ | ᠱᠠᠭᠠᠷᠳᠠᠯᠭ᠎ᠠ | ᠭᠤᠪᠢᠭᠤᠯᠭ᠎ᠠ ᠥᠭᠬᠦ ᠠᠴᠠ ᠡᠮᠦᠨ᠎ᠡ ᠭᠤᠶᠤᠴᠢᠯᠠᠨ᠎ᠠ᠃ | ᠵᠢᠷᠭᠤᠭ᠎ᠠ᠂ ᠭᠠᠶᠢᠯᠢ ᠶᠢᠨ ᠶᠠᠪᠤᠳᠠᠯ ᠤᠨ ᠪᠠᠶᠢᠭᠤᠯᠭ᠎ᠠ ᠶᠢᠨ ᠠᠮᠠᠯᠳᠠᠭᠰᠠᠨ ᠴᠠᠭ ᠤᠨ ᠬᠢᠵᠠᠭᠠᠷ | ᠬᠠᠩᠭᠠᠭᠰᠠᠨ ᠮᠠᠲ᠋ᠧᠷᠢᠶᠠᠯ ᠪᠦᠷᠢᠨ᠂ ᠲᠠᠭᠯᠠᠭᠰᠠᠨ ᠠᠭᠤᠯᠭ᠎ᠠ ᠨᠢ ᠣᠨᠣᠪᠴᠢᠲᠠᠢ᠂ ᠡᠯ᠎ᠡ ᠲᠦᠷᠦᠯ ᠤᠨ ᠭᠠᠷᠳᠠᠮ | ᠭᠦᠢᠴᠡᠳ᠂ ᠬᠦᠯᠢᠶᠡᠨ ᠠᠪᠴᠤ ᠭᠦᠢᠴᠡᠳᠬᠡᠬᠦ ᠨᠥᠬᠦᠴᠡᠯ ᠳᠤ ᠨᠡᠶᠢᠴᠡᠬᠦ ᠶᠢ ᠨᠢ ᠲᠣᠬᠠᠢ ᠶᠢᠨ ᠲᠠᠯᠠᠪᠤᠷ ᠲᠤ | ᠬᠦᠯᠢᠶᠡᠨ ᠠᠪᠴᠤ ᠭᠦᠢᠴᠡᠳᠬᠡᠨ᠂ 2 ᠠᠵᠢᠯᠯᠠᠬᠤ ᠡᠳᠦᠷ ᠤᠨ ᠲᠤᠳᠣᠷ᠎ᠠ ᠳᠠᠷᠠᠭᠠᠴᠢ ᠶᠢᠨ ᠠᠯᠬᠤᠮ ᠳᠤ | ᠰᠢᠯᠵᠢᠭᠦᠯᠦᠨ᠎ᠡ︔ ᠲᠤᠰ ᠭᠠᠶᠢᠯᠢ ᠳᠤ ᠬᠤᠯᠪᠤᠭᠳᠠᠬᠤ ᠬᠡᠷᠡᠭ ᠶᠠᠪᠤᠳᠠᠯ ᠢ 20 ᠠᠵᠢᠯᠯᠠᠬᠤ ᠡᠳᠦᠷ ᠤᠨ ᠲᠤᠳᠤᠷ᠎ᠠ | ᠭᠦᠢᠴᠡᠳᠬᠡᠵᠦ ᠳᠠᠭᠤᠰᠬᠠᠨ᠎ᠠ᠃ | ᠳᠣᠯᠤᠭ᠎ᠠ᠂ ᠠᠵᠢᠯ ᠤᠨ ᠪᠠᠷᠢᠮᠵᠢᠶ᠎ᠠ ᠪᠠ ᠱᠠᠭᠠᠷᠳᠠᠯᠭ᠎ᠠ | ︵ᠨᠢᠭᠡ︶ ᠬᠦᠯᠢᠶᠡᠨ ᠠᠪᠴᠤ ᠭᠦᠢᠴᠡᠳᠬᠡᠬᠦ ᠠᠯᠬᠤᠮ | 1. ᠮᠠᠲ᠋ᠧᠷᠢᠶᠠᠯ ᠢ ᠬᠢᠨᠠᠨ ᠬᠠᠷᠭᠤᠭᠤᠯᠵᠤ᠂ ᠰᠢᠩᠭᠡᠭᠡᠨ ᠣᠷᠣᠭᠤᠯᠬᠤ | ︵1︶ ᠮᠠᠲ᠋ᠧᠷᠢᠶᠠᠯ ᠨᠢ ᠭᠦᠢᠴᠡᠳ ᠡᠰᠡᠬᠦ᠂ ᠬᠠᠤᠯᠢ ᠳᠤ ᠨᠡᠶᠢᠴᠡᠬᠦ ᠡᠰᠡᠬᠦ᠂ ᠬᠦᠴᠦᠨ ᠲᠠᠢ ᠡᠰᠡᠬᠦ ᠪᠠ ︽ | ᠠᠷᠠᠯᠵᠢᠶᠠᠨ ᠤ ᠪᠤᠰᠤ ᠵᠢᠴᠢ ᠬᠡᠰᠡᠭ ᠬᠥᠷᠦᠩᠭᠡ ᠶᠢᠨ ᠲᠦᠷᠦᠯ ᠵᠦᠢᠯ ᠤᠨ ᠳᠣᠣᠷ᠎ᠠ ᠭᠤᠪᠢᠭᠤᠯᠭ᠎ᠠ ᠬᠤᠳᠠᠯᠳᠤᠬᠤ | ᠥᠭᠬᠦ ᠳᠤ ᠭᠠᠶᠢᠯᠢ ᠶᠢᠨ ᠶᠠᠪᠤᠳᠠᠯ ᠤᠨ ᠭᠡᠷᠡᠴᠢ ᠬᠢᠯᠭᠡᠬᠦ ᠭᠤᠶᠤᠴᠢᠯᠠᠯ ᠤᠨ ᠬᠦᠰᠦᠨᠦᠭᠲᠦ︾ ᠶᠢ ᠲᠠᠭᠯᠠᠭᠰᠠᠨ | ᠠᠭᠤᠯᠭ᠎ᠠ ᠨᠢ ᠪᠦᠷᠢᠨ ᠡᠰᠡᠬᠦ᠂ ᠣᠨᠤᠪᠴᠢᠲᠠᠢ ᠡᠰᠡᠬᠦ᠂ ᠭᠠᠷ ᠤᠨ ᠦᠰᠦᠭ ᠵᠢᠷᠤᠵᠦ ᠲᠠᠮᠠᠭ᠎ᠠ ᠳᠠᠷᠤᠭᠰᠠᠨ ᠨᠢ | ᠪᠦᠷᠢᠨ ᠭᠦᠢᠴᠡᠳ ᠡᠰᠡᠬᠦ ᠶᠢ ᠬᠢᠨᠠᠨ ᠬᠠᠷᠭᠤᠭᠤᠯᠤᠨ᠎ᠠ︔ | ︵2︶ ︽ᠠᠷᠠᠯᠵᠢᠶᠠᠨ ᠤ ᠪᠤᠰᠤ ᠵᠢᠴᠢ ᠬᠡᠰᠡᠭ ᠬᠥᠷᠦᠩᠭᠡ ᠶᠢᠨ ᠲᠦᠷᠦᠯ ᠵᠦᠢᠯ ᠤᠨ ᠳᠣᠣᠷ᠎ᠠ | ᠭᠤᠪᠢᠭᠤᠯᠭ᠎ᠠ ᠬᠤᠳᠠᠯᠳᠤᠬᠤ ᠥᠭᠬᠦ ᠳᠤ ᠭᠠᠶᠢᠯᠢ ᠶᠢᠨ ᠶᠠᠪᠤᠳᠠᠯ ᠤᠨ ᠭᠡᠷᠡᠴᠢ ᠬᠢᠯᠭᠡᠬᠦ ᠭᠤᠶᠤᠴᠢᠯᠠᠯ ᠤᠨ | ᠬᠦᠰᠦᠨᠦᠭᠲᠦ︾ ᠶᠢ ᠲᠠᠭᠯᠠᠭᠰᠠᠨ ᠠᠭᠤᠯᠭ᠎ᠠ ᠬᠢᠭᠡᠳ ᠳᠠᠭᠠᠯᠳᠤᠭᠤᠯᠤᠨ ᠮᠡᠳᠡᠭᠦᠯᠦᠭᠰᠡᠨ ᠮᠠᠲ᠋ᠧᠷᠢᠶᠠᠯ ᠨᠢ ᠬᠠᠷᠢᠯᠴᠠᠨ | ᠨᠡᠶᠢᠴᠡᠵᠦ ᠪᠠᠶᠢᠬᠤ ᠡᠰᠡᠬᠦ ᠶᠢ ᠬᠢᠨᠠᠨ ᠬᠠᠷᠭᠤᠭᠤᠯᠤᠨ᠎ᠠ︔' | ︵3︶ ᠨᠥᠬᠦᠴᠡᠯ ᠳᠤ ᠨᠡᠶᠢᠴᠡᠪᠡᠯ᠂ ᠠᠵᠤ ᠠᠬᠤᠶᠢᠯᠠᠯ ᠤᠨ ᠭᠤᠶᠤᠴᠢᠯᠠᠯ ᠤᠨ ᠮᠡᠳᠡᠭᠡ ᠵᠠᠩᠭᠢ ᠶᠢᠨ | ᠰᠢᠰᠲ᠋ᠧᠮ ᠳᠤ ᠰᠢᠩᠭᠡᠭᠡᠨ ᠣᠷᠣᠭᠤᠯᠬᠤ ᠶᠢᠨ ᠬᠠᠮᠲᠤ᠂ ︽ᠠᠯᠪᠠᠨ ᠪᠢᠴᠢᠭ ᠢ ᠬᠦᠯᠢᠶᠡᠨ ᠠᠪᠴᠣ ᠭᠦᠢᠴᠡᠳᠬᠡᠬᠦ | ᠪᠤᠴᠠᠭᠠᠯ ᠪᠠᠷᠢᠮᠲᠠ︾ ︵CTAISV 2.0︶ ᠪᠤᠶᠤ ︽ᠭᠠᠶᠢᠯᠢ ᠶᠢᠨ ᠶᠠᠪᠤᠳᠠᠯ ᠤᠨ ᠠᠯᠪᠠᠨ ᠪᠢᠴᠢᠭ ᠢ ᠬᠦᠯᠢᠶᠡᠨ | ᠠᠪᠬᠤ ᠮᠡᠳᠡᠭᠳᠡᠯ︾ ︵CTAISV 1.1︶ ᠬᠢᠵᠦ ᠭᠠᠶᠢᠯᠢ ᠲᠤᠰᠢᠶᠠᠭᠴᠢ ᠳᠤ ᠥᠭᠭᠦᠨ᠎ᠡ︔ | ︵4︶ ᠭᠠᠶᠢᠯᠢ ᠲᠤᠰᠢᠶᠠᠭᠴᠢ ᠶᠢᠨ ᠲᠤᠰᠢᠶᠠᠭᠰᠠᠨ ᠮᠠᠲ᠋ᠧᠷᠢᠶᠠᠯ ᠨᠢ ᠪᠦᠷᠢᠨ ᠭᠦᠢᠴᠡᠳ ᠪᠤᠰᠤ ᠪᠤᠶᠤ ︽ | ᠠᠷᠠᠯᠵᠢᠶᠠᠨ ᠤ ᠪᠤᠰᠤ ᠵᠢᠴᠢ ᠬᠡᠰᠡᠭ ᠬᠥᠷᠦᠩᠭᠡ ᠶᠢᠨ ᠲᠦᠷᠦᠯ ᠵᠦᠢᠯ ᠤᠨ ᠳᠣᠣᠷ᠎ᠠ ᠭᠤᠪᠢᠭᠤᠯᠭ᠎ᠠ ᠬᠤᠳᠠᠯᠳᠤᠬᠤ | ᠥᠭᠬᠦ ᠳᠤ ᠭᠠᠶᠢᠯᠢ ᠶᠢᠨ ᠶᠠᠪᠤᠳᠠᠯ ᠤᠨ ᠭᠡᠷᠡᠴᠢ ᠬᠢᠯᠭᠡᠬᠦ ᠭᠤᠶᠤᠴᠢᠯᠠᠯ ᠤᠨ ᠬᠦᠰᠦᠨᠦᠭᠲᠦ︾ ᠶᠢ ᠲᠠᠭᠯᠠᠭᠰᠠᠨ | ᠠᠭᠤᠯᠭ᠎ᠠ ᠨᠢ ᠲᠣᠭᠲᠠᠭᠠᠯ ᠳᠤ ᠨᠡᠶᠢᠴᠡᠬᠦ ᠦᠭᠡᠢ ᠪᠣᠯ᠂ ᠲᠣᠬᠠᠢ ᠶᠢᠨ ᠲᠠᠯᠠᠪᠤᠷ ᠲᠤ ᠭᠠᠶᠢᠯᠢ ᠲᠤᠰᠢᠶᠠᠭᠴᠢ ᠳᠤ | ᠨᠢᠭᠡᠯᠡ ᠤᠳᠠᠭ᠎ᠠ ᠮᠡᠳᠡᠭᠳᠡᠵᠦ ᠨᠦᠬᠦᠪᠤᠷᠢᠯᠡᠬᠦᠯᠬᠦ ᠪᠤᠶᠤ ᠲᠠᠬᠢᠵᠦ ᠰᠢᠨ᠎ᠡ ᠪᠠᠷ ᠳᠠᠭᠯᠠᠭᠤᠯᠤᠨ ᠮᠡᠳᠡᠭᠦᠯᠦᠨ᠎ᠡ᠃ | 2. ᠳᠠᠷᠠᠭᠠᠴᠢ ᠶᠢᠨ ᠠᠯᠬᠤᠮ ᠳᠤ ᠰᠢᠯᠵᠢᠭᠦᠯᠬᠦ | ᠬᠢᠨᠠᠨ ᠬᠠᠷᠭᠤᠭᠤᠯᠤᠭᠠᠳ ᠪᠤᠷᠤᠭᠤ ᠦᠭᠡᠢ ᠪᠣᠯ ᠭᠠᠶᠢᠯᠢ ᠲᠤᠰᠢᠶᠠᠭᠴᠢ ᠶᠢᠨ ᠮᠡᠳᠡᠭᠦᠯᠦᠨ ᠬᠦᠷᠭᠡᠭᠰᠡᠨ | ᠪᠦᠬᠦ ᠮᠠᠲ᠋ᠧᠷᠢᠶᠠᠯ ᠢ ᠳᠠᠷᠠᠭᠠᠴᠢ ᠶᠢᠨ ᠠᠯᠬᠤᠮ ᠳᠤ ᠰᠢᠯᠵᠢᠭᠦᠯᠦᠨ᠎ᠡ᠃ | ︵ᠬᠤᠶᠠᠷ︶ ᠳᠠᠷᠠᠭᠠᠴᠢ ᠶᠢᠨ ᠠᠯᠬᠤᠮ | ᠳᠡᠭᠡᠷᠡᠬᠢ ᠠᠯᠬᠤᠮ ᠠᠴᠠ ᠰᠢᠯᠵᠢᠭᠦᠯᠦᠭᠰᠡᠨ ᠮᠡᠳᠡᠭᠡ ᠵᠠᠩᠭᠢ ᠶᠢᠨ ᠮᠠᠲ᠋ᠧᠷᠢᠶᠠᠯ ᠢ ᠬᠦᠯᠢᠶᠡᠨ ᠠᠪᠴᠤ᠂ | ᠭᠤᠣᠯᠳᠠᠭᠤ ᠳᠣᠣᠷᠠᠬᠢ ᠠᠭᠤᠯᠭ᠎ᠠ ᠶᠢ ᠬᠢᠨᠠᠨ ᠬᠠᠷᠭᠤᠭᠤᠯᠤᠨ᠎ᠠ᠄ | 1. ᠳᠣᠣᠷᠠᠬᠢ ᠮᠠᠲ᠋ᠧᠷᠢᠶᠠᠯ ᠢ ᠠᠪᠴᠢᠷᠠᠨ ᠦᠵᠡᠨ᠎ᠡ᠄ | ︵1︶ ᠣᠯᠵᠠᠪᠤᠷᠢ ᠶᠢᠨ ᠭᠠᠶᠢᠯᠢ ᠶᠢ ᠰᠠᠭᠤᠯᠭᠠᠨ ᠲᠤᠰᠢᠶᠠᠬᠤ ᠭᠤᠶᠤᠴᠢᠯᠠᠯ ᠤᠨ ᠬᠦᠰᠦᠨᠦᠭᠲᠦ ᠶᠢᠨ | ᠮᠡᠳᠡᠭᠡ ᠵᠠᠩᠭᠢ | ︵2︶ ᠭᠠᠶᠢᠯᠢ ᠶᠢᠨ ᠲᠡᠮᠳᠡᠭ ᠤᠨ ᠮᠡᠳᠡᠭᠡ ᠵᠠᠩᠭᠢ | 2. ᠮᠡᠳᠡᠭᠦᠯᠦᠨ ᠬᠦᠷᠭᠡᠭᠰᠡᠨ ᠮᠠᠲ᠋ᠧᠷᠢᠶᠠᠯ ᠢ ᠦᠨᠳᠦᠰᠦᠯᠡᠨ ᠳᠣᠣᠷᠠᠬᠢ ᠠᠭᠤᠯᠭ᠎ᠠ ᠶᠢ ᠬᠢᠨᠠᠨ | ᠬᠠᠷᠭᠤᠭᠤᠯᠤᠨ᠎ᠠ᠄ | ︵1︶ ᠭᠤᠶᠤᠴᠢᠯᠠᠭᠴᠢ ᠶᠢᠨ ᠭᠤᠪᠢᠭᠤᠯᠭ᠎ᠠ ᠬᠤᠳᠠᠯᠳᠤᠨ ᠠᠪᠬᠤ ᠥᠭᠬᠦ ᠴᠢᠬᠤᠯᠠᠲᠠᠢ ᠲᠦᠷᠦᠯ | ᠵᠦᠢᠯ ᠠᠴᠠ ᠣᠳᠣ ᠶᠢᠨ ᠬᠡᠷᠡᠭᠵᠢᠭᠦᠯᠬᠦ ᠪᠠᠶᠢᠭ᠎ᠠ ᠭᠠᠶᠢᠯᠢ ᠶᠢᠨ ᠬᠠᠤᠯᠢ ᠶᠢᠨ ᠲᠤᠭᠳᠠᠭᠠᠯ ᠢᠶᠠᠷ ᠭᠠᠶᠢᠯᠢ ᠲᠠᠲᠠᠪᠤᠷᠢᠯᠠᠬᠤ | ᠶᠤᠰᠤᠲᠠᠢ ᠡᠰᠡᠬᠦ︔ ︵2︶ ᠭᠠᠶᠢᠯᠢ ᠲᠠᠲᠠᠪᠤᠷᠢᠯᠠᠬᠤ ᠶᠤᠰᠤᠲᠠᠢ ᠳᠤᠨᠢ ᠲᠣᠭᠲᠠᠭᠠᠯ ᠶᠤᠰᠤᠭᠠᠷ ᠭᠠᠶᠢᠯᠢ | ᠲᠤᠰᠢᠶᠠᠬᠤ ᠶᠢ ᠭᠦᠢᠴᠡᠳ ᠲᠤᠭ᠎ᠠ ᠪᠠᠷ ᠭᠤᠶᠤᠴᠢᠯᠠᠨ ᠮᠡᠳᠡᠭᠦᠯᠦᠭᠰᠡᠨ ᠡᠰᠡᠬᠦ︔ | ︵3︶ ᠭᠡᠷ᠎ᠡ ᠪᠤᠶᠤ ᠵᠥᠪᠯᠡᠯᠴᠡᠭᠡᠷ ᠨᠢ ᠦᠨᠡᠨ ᠪᠤᠳᠠᠳᠠᠢ ᠪᠦᠭᠡᠳ ᠬᠦᠴᠦᠨ ᠲᠠᠢ ᠡᠰᠡᠬᠦ︔ | ︵4︶ ᠪᠠᠷᠢᠮᠲᠠ ᠪᠤᠶᠤ ᠭᠠᠳᠠᠭᠠᠳᠤ ᠶᠢᠨ ᠪᠠᠶᠢᠭᠤᠯᠤᠮᠵᠢ ᠠᠴᠠ ᠭᠤᠪᠢᠭᠤᠯᠭ᠎ᠠ ᠥᠭᠬᠦ ᠳᠤ ᠱᠠᠭᠠᠷᠳᠠᠭᠰᠠᠨ ᠠᠯᠪᠠᠨ | ᠪᠢᠴᠢᠭ ᠨᠢ ᠦᠨᠡᠨ ᠪᠤᠳᠠᠳᠠᠢ ᠪᠦᠭᠡᠳ ᠬᠦᠴᠦᠨ ᠲᠠᠢ ᠡᠰᠡᠬᠦ︔ ᠬᠢᠨᠠᠨ ᠬᠠᠷᠭᠤᠭᠤᠯᠤᠭᠰᠠᠨ ᠦᠷ᠎ᠡ ᠳ᠋ᠦᠩ ᠢ | ᠦᠨᠳᠦᠰᠦᠯᠡᠨ ᠬᠢᠨᠠᠨ ᠵᠥᠪᠰᠢᠶᠡᠷᠡᠵᠦ᠂ ︽ᠬᠢᠯᠢ ᠶᠢᠨ ᠭᠠᠳᠠᠨᠠᠬᠢ ᠺᠣᠮᠫᠠᠨᠢ ᠠᠵᠤ ᠠᠬᠤᠶᠢᠯᠠᠯ ᠤᠨ ᠣᠯᠵᠠᠪᠤᠷᠢ ᠶᠢᠨ | ᠭᠠᠶᠢᠯᠢ ᠶᠢᠨ ᠭᠠᠶᠢᠯᠢ ᠲᠤᠰᠢᠶᠠᠬᠤ ᠭᠡᠷᠡᠴᠢ︾ ᠶᠢ ᠬᠢᠬᠦ ᠶᠢᠨ ᠬᠠᠮᠲᠤ᠂ ᠠᠯᠪᠠᠨ ᠲᠠᠮᠠᠭ᠎ᠠ ᠳᠠᠷᠤᠵᠤ᠂ ᠭᠠᠶᠢᠯᠢ | ᠲᠤᠰᠢᠶᠠᠭᠴᠢ ᠳᠤ ᠨᠢᠭᠡ ᠬᠤᠪᠢ ᠥᠭᠴᠦ᠂ ᠬᠤᠯᠪᠤᠭᠳᠠᠯ ᠪᠦᠬᠦᠢ ᠮᠠᠲ᠋ᠧᠷᠢᠶᠠᠯ ᠢ ᠳᠠᠩᠰᠠ ᠡᠪᠬᠡᠮᠡᠯ ᠳᠤ | ᠣᠷᠣᠭᠤᠯᠤᠨ᠎ᠠ᠃ | |