ᠪᠡᠭᠡᠵᠢᠩ ᠬᠤᠲᠠ ᠶᠢᠨ ᠳ᠋ᠠ ᠱᠠᠨ ᠯᠠᠨ ᠵᠡᠭᠡᠯᠢ ᠭᠤᠳᠤᠮᠵᠢ ᠶᠢᠨ ᠪᠠᠶᠢᠴᠠᠭᠠᠨ ᠰᠤᠳᠤᠯᠬᠤ ᠳᠤᠭᠤᠶᠢᠯᠠᠩ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠳᠤ ᠬᠦᠷᠴᠦ ᠪᠠᠶᠢᠴᠠᠭᠠᠨ ᠰᠤᠳᠤᠯᠤᠯᠲᠠ ᠬᠢᠪᠡ
ᠨᠡᠶᠢᠲᠡᠯᠡᠭᠰᠡᠨ ᠴᠠᠭ᠄
2024/9/2
ᠪᠡᠭᠡᠵᠢᠩ ᠬᠤᠲᠠ ᠶᠢᠨ ᠳ᠋ᠠ ᠱᠠᠨ ᠯᠠᠨ ᠵᠡᠭᠡᠯᠢ ᠭᠤᠳᠤᠮᠵᠢ ᠶᠢᠨ ᠪᠠᠶᠢᠴᠠᠭᠠᠨ ᠰᠤᠳᠤᠯᠬᠤ ᠳᠤᠭᠤᠶᠢᠯᠠᠩ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠳᠤ ᠬᠦᠷᠴᠦ ᠪᠠᠶᠢᠴᠠᠭᠠᠨ ᠰᠤᠳᠤᠯᠤᠯᠲᠠ ᠬᠢᠪᠡ  8 ᠰᠠᠷ᠎ᠠ ᠶᠢᠨ 29 ᠤ ᠡᠳᠦᠷ᠂ ᠪᠡᠭᠡᠵᠢᠩ ᠬᠤᠲᠠ ᠶᠢᠨ ᠳ᠋ᠠ ᠱᠠᠨ ᠯᠠᠨ ᠵᠡᠭᠡᠯᠢ ᠭᠤᠳᠤᠮᠵᠢ ᠶᠢᠨ ᠪᠠᠶᠢᠴᠠᠭᠠᠨ ᠰᠤᠳᠤᠯᠬᠤ ᠳᠤᠭᠤᠶᠢᠯᠠᠩ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠳᠤ ᠬᠦᠷᠴᠦ ᠪᠠᠶᠢᠴᠠᠭᠠᠨ ᠰᠤᠳᠤᠯᠤᠯᠲᠠ ᠬᠢᠪᠡ᠃ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠭᠤᠣᠯ ᠬᠠᠷᠢᠭᠤᠴᠠᠯᠭᠠᠲᠠᠨ ᠨᠥᠬᠦᠳ ᠪᠠᠷ᠎ᠠ ᠪᠣᠯᠵᠤ ᠪᠠᠶᠢᠴᠠᠭᠠᠨ ᠰᠤᠳᠤᠯᠤᠯᠲᠠ ᠬᠢᠪᠡ᠃  ᠳ᠋ᠠ ᠱᠠᠨ ᠯᠠᠨ ᠵᠡᠭᠡᠯᠢ ᠭᠤᠳᠤᠮᠵᠢ ᠪᠣᠯᠤᠨ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠶᠠᠷᠢᠯᠴᠠᠬᠤ ᠬᠤᠷᠠᠯ ᠳᠡᠭᠡᠷ᠎ᠡ᠂ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠭᠤᠣᠯ ᠬᠠᠷᠢᠭᠤᠴᠠᠯᠭᠠᠲᠠᠨ ᠰᠢᠨᠵᠢᠯᠡᠨ ᠪᠠᠶᠢᠴᠠᠭᠠᠵᠤ ᠪᠠᠶᠢᠴᠠᠭᠠᠨ ᠰᠤᠳᠤᠯᠬᠤ ᠳᠤᠭᠤᠶᠢᠯᠠᠩ ᠤᠨ ᠬᠦᠷᠴᠦ ᠢᠷᠡᠭᠰᠡᠨ ᠢ ᠬᠠᠯᠠᠭᠤᠨ ᠢᠶᠠᠷ ᠤᠭᠲᠤᠵᠤ ᠪᠠᠶᠢᠬᠤ ᠪᠠᠨ ᠢᠯᠡᠳᠬᠡᠵᠦ᠂ ᠳ᠋ᠠ ᠱᠠᠨ ᠯᠠᠨ ᠵᠡᠭᠡᠯᠢ ᠭᠤᠳᠤᠮᠵᠢ ᠶᠢᠨ ᠪᠡᠭᠡᠵᠢᠩ ᠥᠪᠥᠷ ᠮᠣᠩᠭᠤᠯ ᠤᠨ ᠬᠠᠪᠰᠤᠷᠤᠨ ᠲᠡᠳᠬᠦᠬᠦ ᠠᠵᠢᠯ ᠳᠤ ᠦᠵᠡᠭᠦᠯᠦᠭᠰᠡᠨ ᠬᠦᠴᠦᠲᠡᠢ ᠳᠡᠮᠵᠢᠯᠭᠡ ᠳᠤ ᠲᠠᠯᠠᠷᠬᠠᠵᠤ ᠪᠠᠶᠢᠬᠤ ᠪᠠᠨ ᠢᠯᠡᠳᠬᠡᠬᠦ ᠶᠢᠨ ᠬᠠᠮᠲᠤ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠤᠢᠢᠷ᠎ᠠ ᠶᠢᠨ ᠵᠢᠯ ᠤᠨ ᠠᠵᠤ ᠠᠬᠤᠢ ᠨᠡᠶᠢᠭᠡᠮ ᠤᠨ ᠬᠥᠭᠵᠢᠯᠲᠡ ᠪᠣᠯᠤᠨ ᠪᠡᠭᠡᠵᠢᠩ ᠥᠪᠥᠷ ᠮᠣᠩᠭᠤᠯ ᠤᠨ ᠬᠠᠪᠰᠤᠷᠤᠨ ᠲᠡᠳᠬᠦᠬᠦ ᠬᠠᠮᠵᠢᠯᠴᠠᠭᠠᠨ ᠤ ᠦᠨᠳᠦᠰᠦᠨ ᠪᠠᠶᠢᠳᠠᠯ ᠢ ᠨᠠᠷᠢᠨ ᠲᠠᠨᠢᠯᠴᠠᠭᠤᠯᠵᠤ᠂ ᠬᠤᠶᠠᠷ ᠲᠠᠯ᠎ᠠ ᠶᠢᠨ ᠬᠠᠮᠲᠤᠷᠠᠯᠴᠠᠭᠠᠨ ᠤ ᠬᠦᠷᠢᠶ᠎ᠡ ᠪᠣᠯᠤᠨ ᠣᠷᠣᠨ ᠵᠠᠢ ᠶᠢ ᠥᠷᠭᠡᠳᠬᠡᠵᠦ᠂ ᠬᠠᠮᠲᠤᠷᠠᠯᠴᠠᠭᠠᠨ ᠤ ᠲᠡᠰ ᠳᠠᠪᠬᠤᠷᠭ᠎ᠠ ᠪᠣᠯᠤᠨ ᠬᠢᠷᠢ ᠲᠦᠪᠰᠢᠨ ᠢ ᠳᠡᠭᠡᠭᠰᠢᠯᠡᠭᠦᠯᠵᠦ᠂ ᠡᠬᠢ ᠪᠠᠶᠠᠯᠢᠭ ᠢᠶᠠᠨ ᠬᠠᠷᠢᠯᠴᠠᠨ ᠨᠥᠬᠦᠪᠥᠷᠢᠯᠡᠬᠦ᠂ ᠬᠠᠮᠲᠤᠷᠠᠯᠴᠠᠵᠤ ᠬᠠᠮᠲᠤᠪᠠᠷ ᠠᠰᠢᠭ ᠬᠦᠷᠳᠡᠬᠦ ᠰᠢᠨ᠎ᠡ ᠪᠠᠶᠢᠳᠠᠯ ᠢ ᠴᠢᠷᠮᠠᠶᠢᠨ ᠪᠡᠶᠡᠯᠡᠭᠦᠯᠬᠦ ᠶᠢ ᠬᠦᠰᠡᠪᠡ᠃  ᠪᠠᠶᠢᠴᠠᠭᠠᠨ ᠰᠤᠳᠤᠯᠬᠤ ᠳᠤᠭᠤᠶᠢᠯᠠᠩ ᠤᠨ ᠢᠯᠡᠷᠬᠡᠶᠢᠯᠡᠭᠰᠡᠨ ᠢᠶᠠᠷ᠂ ᠪᠡᠭᠡᠵᠢᠩ ᠥᠪᠥᠷ ᠮᠣᠩᠭᠤᠯ ᠤᠨ ᠬᠠᠮᠵᠢᠯᠴᠠᠭ᠎ᠠ ᠪᠣᠯ ᠤᠯᠤᠰ ᠤᠨ ᠣᠷᠣᠨ ᠪᠦᠰᠡ ᠶᠢᠨ ᠵᠣᠬᠢᠴᠠᠩᠭᠤᠶ ᠬᠥᠭᠵᠢᠯᠲᠡ ᠶᠢ ᠠᠬᠢᠭᠤᠯᠬᠤ᠂ ᠬᠠᠮᠲᠤ ᠪᠠᠷ ᠴᠢᠨᠡᠭᠡᠯᠢᠭᠵᠢᠬᠦ ᠶᠢ ᠪᠡᠶᠡᠯᠡᠭᠦᠯᠬᠦ ᠴᠢᠬᠤᠯᠠ ᠠᠷᠭ᠎ᠠ ᠬᠡᠮᠵᠢᠶ᠎ᠡ ᠮᠥᠨ᠂ ᠲᠣᠰ ᠤᠳᠠᠭ᠎ᠠ ᠲᠤᠬᠠᠶ ᠶᠢᠨ ᠭᠠᠵᠠᠷ ᠲᠤᠨᠢ ᠰᠢᠨᠵᠢᠯᠡᠨ ᠪᠠᠶᠢᠴᠠᠭᠠᠵᠤ ᠪᠠᠶᠢᠴᠠᠭᠠᠨ ᠰᠤᠳᠤᠯᠤᠯᠲᠠ ᠬᠢᠵᠦ᠂ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠡᠯ᠎ᠡ ᠵᠦᠢᠯ ᠤᠨ ᠠᠵᠤ ᠦᠢᠯᠡᠰ ᠤᠨ ᠬᠤᠪᠢᠷᠠᠯᠲᠠ ᠶᠢᠨ ᠶᠡᠭᠡ᠂ ᠬᠥᠭᠵᠢᠯᠲᠡ ᠶᠢᠨ ᠲᠦᠷᠭᠡᠨ ᠪᠠᠶᠢᠬᠤ ᠶᠢ ᠦᠨᠡᠨ ᠬᠦ ᠰᠡᠷᠡᠵᠦ ᠮᠡᠳᠡᠪᠡ᠂ ᠭᠡᠪᠡᠴᠦ ᠪᠡᠭᠡᠵᠢᠩ ᠥᠪᠥᠷ ᠮᠣᠩᠭᠤᠯ ᠤᠨ ᠬᠠᠮᠵᠢᠯᠴᠠᠨ ᠬᠠᠪᠰᠤᠷᠤᠨ ᠲᠡᠳᠬᠦᠬᠦ ᠵᠠᠮ ᠪᠠᠰᠠ ᠮᠠᠰᠢ ᠤᠷᠲᠤ᠂ ᠡᠯ᠎ᠡ ᠵᠦᠢᠯ ᠤᠨ ᠡᠭᠦᠷᠭᠡ ᠪᠠᠰᠠ ᠮᠠᠰᠢ ᠬᠠᠲᠠᠭᠤ ᠪᠡᠷᠬᠡ ᠪᠠᠶᠢᠬᠤ ᠶᠢ ᠪᠠᠰᠠ ᠲᠣᠳᠣᠷᠬᠠᠶ ᠲᠠᠨᠢᠵᠤ ᠤᠯᠪᠠ᠃ ᠪᠡᠭᠡᠵᠢᠩ ᠥᠪᠥᠷ ᠮᠣᠩᠭᠤᠯ ᠤᠨ ᠬᠠᠮᠲᠤᠷᠠᠯᠴᠠᠭᠠᠨ ᠤ ᠬᠤᠶᠠᠷ ᠲᠠᠯ᠎ᠠ ᠪᠠᠷ ᠢᠶᠠᠨ ᠬᠠᠮᠲᠤᠷᠠᠯᠴᠠᠭᠠᠨ ᠤ ᠪᠦᠳᠦᠭᠦᠪᠴᠢ ᠵᠥᠪᠯᠡᠯᠴᠡᠭᠡᠷ ᠲᠣᠭᠲᠠᠬᠤ ᠶᠣᠰᠣᠯᠠᠯ ᠶᠠᠪᠤᠭᠤᠯᠪᠠ᠃  ᠪᠠᠶᠢᠴᠠᠭᠠᠨ ᠰᠤᠳᠤᠯᠬᠤ ᠳᠤᠭᠤᠶᠢᠯᠠᠩ ᠤᠨ ᠬᠢᠨ ᠤᠷᠢᠳ ᠬᠤᠵᠢᠳ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠠᠷᠠᠳ ᠤᠨ ᠵᠠᠩ ᠦᠢᠯᠡ ᠶᠢᠨ ᠦᠵᠡᠭᠦᠯᠭᠡ ᠶᠢᠨ ᠣᠷᠳᠣᠨ᠂ ᠠᠷᠪᠠᠨ ᠭᠡᠷ ᠲᠣᠰᠬᠤᠨ ᠤ ᠭᠠᠷ ᠠᠵᠢᠯᠴᠢᠨ ᠤ ᠨᠠᠩᠭᠢ ᠪᠤᠷᠴᠠᠭ ᠪᠣᠭᠤᠳᠠᠯᠯᠠᠬᠤ ᠦᠢᠯᠡᠳᠪᠦᠷᠢ ᠶᠢᠨ ᠲᠠᠰᠤᠭ᠂ ᠤᠯᠠᠭᠠᠨᠬᠠᠳᠠ ᠶᠢᠨ ᠠᠭᠤᠯᠠ ᠤᠰᠤ ᠠᠯᠤᠰ ᠠᠶᠠᠯᠠᠯ ᠤᠨ ᠠᠭᠤᠷᠬᠠᠢ ᠶᠢᠨ ᠣᠷᠣᠨ ᠤ ᠨᠡᠭᠡᠭᠡᠨ ᠮᠠᠯᠲᠠᠬᠤ ᠠᠵᠢᠯ ᠤᠨ ᠭᠤᠯᠢᠷ᠂ ᠱᠠᠩ ᠳ᠋ᠢᠶᠠᠨ ᠲᠣᠰᠬᠤᠨ ᠤ ᠨᠠᠷᠢᠮᠤ ᠶᠢᠨ ᠲᠠᠷᠢᠮᠠᠯ ᠡᠳ᠋ᠰᠢᠭᠦᠯᠬᠦ ᠲᠠᠯᠠᠪᠠᠢ ᠳᠤ ᠬᠦᠷᠴᠦ ᠲᠤᠬᠠᠢ ᠶᠢᠨ ᠭᠠᠵᠠᠷ ᠲᠤᠨᠢ ᠰᠢᠨᠵᠢᠯᠡᠨ ᠪᠠᠶᠢᠴᠠᠭᠠᠪᠠ᠃ ᠮᠠᠨᠵᠤ ᠦᠨᠳᠦᠰᠦᠲᠡᠨ ᠤ ᠵᠠᠩ ᠦᠢᠯᠡ ᠶᠢᠨ ᠣᠨᠴᠠᠯᠢᠭ᠂ ᠲᠣᠰᠬᠤᠨ ᠤ ᠬᠠᠮᠲᠤ ᠶᠢᠨ ᠠᠵᠤ ᠠᠬᠤᠢ ᠶᠢᠨ ᠬᠥᠭᠵᠢᠯᠲᠡ ᠶᠢᠨ ᠪᠠᠶᠢᠳᠠᠯ᠂ ᠭᠤᠣᠯᠳᠠᠯᠭ᠎ᠠ ᠲᠠᠢ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠤᠨ ᠠᠵᠢᠯᠯᠠᠭᠠᠨ᠂ ᠤᠨᠴᠠᠯᠢᠬᠳᠤ ᠲᠠᠷᠢᠶᠠᠯᠠᠩ ᠤᠨ ᠪᠦᠲᠦᠭᠡᠭᠳᠡᠬᠦᠨ ᠢ ᠡᠳ᠋ᠰᠢᠭᠦᠯᠦᠭᠰᠡᠨ ᠵᠡᠷᠭᠡ ᠪᠠᠶᠢᠳᠠᠯ ᠢ ᠨᠠᠷᠢᠨ ᠣᠶᠢᠯᠠᠭᠠᠭᠰᠠᠨ ᠤ ᠳᠠᠷᠠᠭ᠎ᠠ᠂ ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠤᠨ ᠡᠯ᠎ᠡ ᠵᠦᠢᠯ ᠤᠨ ᠦᠢᠯᠡᠰ ᠤᠨ ᠬᠥᠭᠵᠢᠯᠲᠡ ᠶᠢᠨ ᠣᠯᠤᠭᠰᠠᠨ ᠦᠷ᠎ᠡ ᠪᠦᠲᠦᠭᠡᠯ ᠢ ᠭᠦᠢᠴᠡᠳ ᠮᠡᠳᠡᠷᠡᠭᠰᠡᠨ ᠤ ᠬᠠᠮᠲᠤ᠂ ᠬᠤᠶᠠᠷ ᠲᠠᠯ᠎ᠠ ᠪᠠᠷ ᠢᠶᠠᠨ ᠲᠤᠰ ᠲᠤᠰ ᠤᠨ ᠳᠠᠪᠠᠭᠤᠯᠢᠭ ᠠᠵᠤ ᠦᠢᠯᠡᠰ ᠤᠨ ᠲᠦᠷᠦᠯ ᠵᠦᠢᠯ ᠤᠨ ᠲᠠᠯ᠎ᠠ ᠪᠠᠷ ᠬᠠᠮᠵᠢᠯᠴᠠᠨ ᠨᠡᠪᠲᠡᠷᠡᠯᠴᠡᠬᠦ ᠪᠠᠨ ᠦᠷᠭᠦᠯᠵᠢᠯᠡᠨ ᠭᠦᠨᠵᠡᠭᠡᠶᠢᠷᠡᠭᠦᠯᠵᠦ᠂ ᠬᠠᠮᠵᠢᠯᠴᠠᠬᠤ ᠬᠦᠷᠢᠶ᠎ᠡ ᠪᠠᠨ ᠴᠢᠨᠠᠭᠰᠢᠳᠠ ᠥᠷᠭᠡᠳᠬᠡᠵᠦ᠂ ᠭᠠᠭᠴᠠ ᠲᠠᠯ᠎ᠠ ᠠᠴᠠ ᠠᠵᠢᠯ ᠲᠦᠷᠦᠯ ᠢᠶᠠᠷ ᠢᠶᠠᠨ ᠬᠠᠪᠰᠤᠷᠤᠨ ᠲᠡᠳᠬᠦᠬᠦ ᠪᠠᠶᠢᠭᠰᠠᠨ ᠠᠴᠠ ᠬᠤᠣᠰ ᠴᠢᠭᠯᠡᠯ ᠢᠶᠠᠷ ᠬᠠᠮᠵᠢᠯᠴᠠᠨ ᠬᠠᠮᠲᠤᠪᠠᠷ ᠠᠰᠢᠭ ᠬᠦᠷᠳᠡᠬᠦ ᠲᠡᠰᠢ ᠬᠤᠪᠢᠷᠠᠭᠤᠯᠬᠤ ᠶᠢ ᠪᠡᠶᠡᠯᠡᠭᠦᠯᠵᠦ᠂ ᠪᠡᠭᠡᠵᠢᠩ ᠥᠪᠥᠷ ᠮᠣᠩᠭᠤᠯ ᠤᠨ ᠬᠠᠮᠵᠢᠯᠴᠠᠨ ᠬᠥᠭᠵᠢᠬᠦ ᠶᠢ ᠬᠠᠮᠲᠤᠪᠠᠷ ᠠᠬᠢᠭᠤᠯᠬᠤ ᠶᠢ ᠬᠦᠰᠡᠵᠦ ᠪᠠᠶᠢᠨ᠎ᠠ ᠭᠡᠪᠡ᠃  ᠠᠷᠪᠠᠨ ᠭᠡᠷ ᠮᠠᠨᠵᠤ ᠦᠨᠳᠦᠰᠦᠲᠡᠨ ᠤ ᠰᠢᠶᠠᠩ ᠲᠤᠰ ᠤᠳᠠᠭᠠᠨ ᠤ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠪᠠᠶᠢᠴᠠᠭᠠᠨ ᠰᠤᠳᠤᠯᠤᠯᠲᠠ ᠬᠢᠬᠦ ᠪᠠᠷ ᠠᠵᠠ ᠲᠣᠬᠢᠶᠠᠯ ᠪᠣᠯᠭᠠᠵᠤ᠂ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠲᠦᠷᠦᠯ ᠵᠦᠢᠯ ᠤᠨ ᠦᠢᠯᠡᠳᠦᠯ ᠴᠢᠳᠠᠪᠤᠷᠢ ᠶᠢ ᠪᠦᠲᠦᠮᠵᠢᠲᠡᠢ ᠪᠠᠳᠠᠷᠠᠭᠤᠯᠵᠤ᠂ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠨᠡᠩ ᠭᠦᠨ ᠳᠠᠪᠬᠤᠷᠭ᠎ᠠ᠂ ᠨᠡᠩ ᠥᠷᠭᠡᠨ ᠬᠦᠷᠢᠶ᠎ᠡ᠂ ᠨᠡᠩ ᠥᠨᠳᠥᠷ ᠲᠦᠪᠰᠢᠨ ᠲᠡᠰᠢ ᠬᠥᠭᠵᠢᠬᠦ ᠰᠢᠨ᠎ᠡ ᠬᠠᠭᠤᠳᠠᠰᠤ ᠶᠢ ᠦᠨᠡᠨᠬᠦ ᠪᠢᠴᠢᠭᠯᠡᠨ᠎ᠡ᠃ 
 
ᠢᠷᠡᠯᠲᠡ᠄ ᠬᠠᠷᠠᠴᠢᠠ ᠬᠤᠰᠢᠭᠤᠠ ᠤ ᠠᠷᠠᠳ ᠤᠨ ᠵᠠᠰᠠᠭ ᠤᠨ ᠤᠷᠳᠣᠠ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号