ᠨᠠᠷᠢᠨ ᠪᠠᠯᠭᠠᠰᠤ᠄ ᠦᠶᠡᠷ ᠢ ᠰᠡᠷᠭᠡᠶᠢᠯᠡᠬᠦ ︽ᠠᠮᠤᠷ ᠲᠦᠪᠰᠢᠨ ᠤ ᠬᠠᠰᠢᠯᠭ᠎ᠠ︾ ᠶᠢ ᠴᠢᠩᠭ᠎ᠠ ᠰᠡᠷᠭᠡᠶᠢᠯᠡᠨ ᠴᠢᠩᠭ᠎ᠠ ᠰᠠᠬᠢᠵᠦ ᠨᠠᠷᠢᠯᠢᠭ ᠪᠥᠭᠡᠳ ᠪᠣᠳᠠᠲᠠᠶ ᠪᠠᠷ ᠪᠠᠬᠢᠵᠢᠭᠦᠯᠪᠡ ︵ᠬᠤᠶᠠᠷ︶
ᠨᠡᠶᠢᠲᠡᠯᠡᠭᠰᠡᠨ ᠴᠠᠭ᠄
2024/8/21
   ᠣᠶᠢᠯᠠᠭᠠᠭᠰᠠᠨ ᠢᠶᠠᠷ᠂ 8 ᠰᠠᠷ᠎ᠠ ᠶᠢᠨ 9 ᠤ ᠡᠳᠦᠷ ᠰᠢᠷᠦᠭᠦᠨ ᠪᠣᠷᠣᠭᠠᠨ ᠣᠷᠣᠬᠤ ᠴᠠᠭ ᠠᠭᠤᠷ ᠤᠨ ᠰᠡᠷᠡᠮᠵᠢᠯᠡᠭᠦᠯᠦᠯ ᠢ ᠣᠯᠤᠭᠰᠠᠨ ᠤ ᠳᠠᠷᠠᠭ᠎ᠠ᠂ ᠨᠠᠷᠢᠨ ᠪᠠᠯᠭᠠᠰᠤ ᠪᠠᠯᠭᠠᠰᠤ ᠲᠣᠰᠬᠤᠨ ᠬᠤᠶᠠᠷ ᠱᠠᠲᠤᠨ ᠤ ᠺᠠᠳ᠋ᠷᠴᠤᠳ ᠦᠳᠲᠡᠷ ᠲᠦᠷᠭᠡᠨ ᠬᠥᠳᠡᠯᠦᠯᠴᠡᠵᠦ᠂ ᠠᠵᠢᠯ ᠤᠨ ᠬᠤᠪᠢᠶᠠᠷᠢᠯᠠᠯ ᠶᠣᠰᠣᠭᠠᠷ ᠬᠠᠮᠤᠭ ᠤᠨ ᠲᠡᠷᠢᠭᠦᠨ ᠳᠤ ᠪᠠᠲᠤᠯᠠᠭ᠎ᠠ ᠶᠢᠨ ᠴᠡᠭ᠂ ᠭᠤᠤᠯᠳᠠᠯᠭ᠎ᠠ ᠲᠠᠢ ᠠᠶᠤᠯᠲᠠᠶ ᠣᠷᠣᠨ ᠪᠦᠰᠡ ᠪᠠ ᠭᠤᠤᠯ ᠵᠠᠮ ᠳᠠᠭᠠᠤ ᠶᠢᠨ ᠬᠥᠳᠡᠯᠦᠩᠭᠦᠶ ᠳᠠᠯᠳᠠ ᠬᠡᠮ ᠢ ᠵᠢᠭᠰᠠᠭᠠᠨ ᠪᠠᠶᠢᠴᠠᠭᠠᠬᠤ ᠶᠢᠨ ᠬᠠᠮᠲᠤ ᠵᠢᠵᠢᠭᠦᠷᠯᠡᠨ ᠰᠠᠬᠢᠬᠤ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠦᠶᠡᠷ ᠤᠨ ᠪᠠᠶᠢᠳᠠᠯ ᠪᠣᠷᠣᠭᠠᠨ ᠤ ᠪᠠᠶᠢᠳᠠᠯ ᠢ ᠳᠠᠮᠵᠢᠭᠤᠯᠬᠤ ᠠᠷᠭ᠎ᠠ ᠵᠠᠮ ᠢ ᠰᠠᠭᠠᠳ ᠥᠬᠡᠶ ᠨᠡᠪᠲᠡᠷᠡᠭᠦᠯᠵᠦ᠂ ᠠᠶᠤᠯᠲᠠᠶ ᠣᠷᠣᠨ ᠪᠦᠰᠡ ᠳᠤ ᠰᠡᠷᠡᠮᠵᠢ ᠶᠢᠨ ᠫᠠᠶᠢᠰᠠ ᠳᠣᠭᠢᠷᠠᠭᠤᠯᠬᠤ ᠶᠢᠨ ᠬᠠᠮᠲᠤ ᠬᠥᠭᠦᠷᠭᠡ ᠶᠢᠨ ᠭᠤᠯᠳᠤᠩ ᠤᠨ ᠭᠠᠵᠠᠷ ᠲᠤ ᠤᠰᠤ ᠬᠤᠷᠠᠬᠤ ᠶᠢ ᠰᠡᠷᠭᠡᠶᠢᠯᠡᠬᠦ ᠰᠡᠷᠭᠡᠶᠢᠯᠡᠯᠲᠡ ᠶᠢᠨ ᠱᠤᠭᠤᠮ ᠪᠠ ᠤᠰᠤᠨ ᠲᠦᠪᠰᠢᠨ ᠤ ᠪᠠᠷᠢᠮᠵᠢᠶ᠎ᠠ ᠶᠢ ᠰᠦᠷᠴᠢᠨ ᠰᠢᠷᠳᠡᠬᠦ ᠶᠢᠨ ᠬᠠᠮᠲᠤ᠂ ᠰᠦᠯᠵᠢᠶᠡᠨ ᠤ ᠠᠵᠢᠯᠲᠠᠨ᠂ ᠰᠠᠶᠢᠨ ᠳᠤᠷᠠᠴᠤᠳ ᠢ ᠢᠳᠡᠪᠬᠢᠲᠡᠶ ᠪᠠᠷ ᠳᠠᠶᠢᠴᠢᠯᠠᠨ ᠵᠠᠮ ᠤᠨ ᠰᠠᠭᠠᠳ ᠢ ᠠᠷᠢᠯᠭᠠᠵᠤ᠂ ᠤᠰᠤᠲᠤᠯ ᠢ ᠠᠷᠢᠯᠭᠠᠨ ᠬᠤᠷᠠᠵᠤ᠂ ᠤᠰᠤ ᠬᠤᠷᠠᠭᠤᠯᠵᠤ᠂ ᠥᠷᠭᠡᠨ ᠣᠯᠠᠨ ᠲᠦᠮᠡᠨ ᠢ ᠦᠨᠡᠨ ᠬᠦ ᠠᠮᠤᠷ ᠲᠦᠪᠰᠢᠨ ᠢᠶᠠᠷ ᠦᠶᠡᠷ ᠤᠨ ᠬᠤᠭᠤᠴᠠᠭ᠎ᠠ ᠶᠢ ᠠᠮᠤᠷ ᠲᠦᠪᠰᠢᠨ ᠢᠶᠠᠷ ᠥᠩᠭᠡᠷᠡᠭᠦᠯᠪᠡ᠃   ᠣᠶᠢᠯᠠᠭᠠᠭᠰᠠᠨ ᠢᠶᠠᠷ᠂ ᠲᠣᠰ ᠵᠢᠯ ᠤᠨ ᠦᠶᠡᠷ ᠤᠨ ᠬᠤᠭᠤᠴᠠᠭ᠎ᠠ ᠶᠢ ᠠᠷᠭᠠᠴᠠᠬᠤ ᠶᠢᠨ ᠲᠥᠯᠥᠭᠡ᠂ ᠨᠠᠷᠢᠨ ᠪᠠᠯᠭᠠᠰᠤ ᠨᠢᠭᠡᠨᠲᠡ ᠨᠢᠯᠦᠨ ᠤᠭᠤᠲᠠ 3 ᠲᠦᠮᠡᠨ ᠵᠤᠷᠪᠤᠰ᠂ ᠲᠤᠭᠤᠯᠭᠠᠨ ᠤᠲᠠᠰᠤ᠂ ᠡᠯᠡᠰᠦᠨ ᠤᠭᠤᠲᠠ ᠵᠡᠷᠭᠡ ᠦᠶᠡᠷ ᠢ ᠰᠡᠷᠭᠡᠶᠢᠯᠡᠬᠦ ᠡᠳ᠋ ᠪᠣᠳᠠᠰ 3 ᠲᠣᠨ ᠵᠢᠴᠢ ᠭᠦᠢᠴᠡᠳ ᠡᠯᠡᠰᠦᠨ ᠰᠢᠷᠣᠶ᠂ ᠴᠢᠯᠠᠭᠤ ᠪᠡᠯᠡᠳᠬᠡᠵᠦ᠂ ᠦᠶᠡᠷ ᠢ ᠰᠡᠷᠭᠡᠶᠢᠯᠡᠬᠦ ᠪᠠᠴᠢᠮ ᠪᠠᠶᠢᠳᠠᠯ ᠢ ᠠᠷᠭᠠᠴᠠᠬᠤ ᠰᠣᠷᠢᠯᠲᠠ ᠶᠢ 2 ᠤᠳᠠᠭ᠎ᠠ ᠥᠷᠨᠢᠭᠦᠯᠵᠦ᠂ ᠨᠡᠶᠢᠲᠡ 126 ᠤᠳᠠᠭ᠎ᠠ ᠭᠤᠤᠯ ᠢ ᠴᠠᠭᠳᠠᠨ ᠪᠠᠶᠢᠴᠠᠭᠠᠵᠤ᠂ ᠤᠰᠤ ᠬᠤᠷᠠᠭᠰᠠᠨ ᠰᠡᠷᠭᠡᠶᠢᠯᠡᠯᠲᠡ ᠶᠢᠨ ᠱᠤᠭᠤᠮ᠂ ᠤᠰᠤᠨ ᠲᠦᠪᠰᠢᠨ ᠤ ᠪᠠᠷᠢᠮᠵᠢᠶ᠎ᠠ ᠶᠢ ᠰᠦᠷᠴᠢᠨ ᠲᠦᠷᠬᠢᠵᠦ᠂ 8 ᠭᠠᠵᠠᠷ ᠤᠨ 29 ᠰᠡᠷᠡᠮᠵᠢ ᠶᠢᠨ ᠫᠠᠶᠢᠰᠠ ᠳᠣᠭᠢᠷᠠᠭᠤᠯᠪᠠ᠃
 
ᠢᠷᠡᠯᠲᠡ᠄ ᠬᠠᠷᠠᠴᠢᠠ ᠬᠤᠰᠢᠭᠤᠠ ᠤ ᠠᠷᠠᠳ ᠤᠨ ᠵᠠᠰᠠᠭ ᠤᠨ ᠤᠷᠳᠣᠠ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号