ᠬᠤᠰᠢᠭᠤᠨ ᠤ ᠬᠠᠤᠯᠢ ᠴᠠᠭᠠᠵᠠ ᠶᠢᠨ ᠲᠣᠪᠴᠢᠶ᠎ᠠ ᠣᠯᠠᠨ ᠰᠠᠯᠠᠭ᠎ᠠ ᠮᠥᠴᠢᠷ ᠲᠠᠢ ᠬᠠᠮᠲᠤᠷᠠᠨ ︽ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠭᠠᠷᠠᠭ︾ ᠤᠨ ᠠᠵᠢᠯᠯᠠᠭ᠎ᠠ ᠥᠷᠨᠢᠭᠦᠯᠪᠡ ︵ᠬᠤᠶᠠᠷ︶
ᠨᠡᠶᠢᠲᠡᠯᠡᠭᠰᠡᠨ ᠴᠠᠭ᠄
2024/12/3
   ᠪᠦᠷᠢᠳᠬᠡᠯ ᠢ ᠦᠨᠳᠦᠰᠦᠯᠡᠪᠡᠯ᠂ ᠲᠣᠰ ᠤᠳᠠᠭᠠᠨ ᠤ ᠤᠬᠠᠭᠤᠯᠭ᠎ᠠ ᠶᠢᠨ ᠠᠵᠢᠯᠯᠠᠭ᠎ᠠ ᠳᠤ ᠡᠯ᠎ᠡ ᠲᠥᠷᠥᠯ ᠤᠨ ᠬᠠᠤᠯᠢ ᠪᠠᠷ ᠵᠠᠰᠠᠬᠤ ᠤᠬᠠᠭᠤᠯᠭ᠎ᠠ ᠶᠢᠨ ᠮᠠᠲ᠋ᠧᠷᠢᠶᠠᠯ ᠢ ᠨᠡᠶᠢᠲᠡ 3000 ᠭᠠᠷᠤᠶ ᠬᠤᠪᠢ ᠲᠠᠷᠬᠠᠭᠠᠵᠤ᠂ ᠤᠬᠠᠭᠤᠯᠬᠤ ᠬᠡᠷᠡᠭᠰᠡᠯ ᠢ 800 ᠭᠠᠷᠤᠶ ᠬᠤᠪᠢ ᠲᠠᠷᠬᠠᠭᠠᠵᠤ᠂ ᠬᠠᠤᠯᠢ ᠴᠠᠭᠠᠵᠠ ᠶᠢᠨ ᠯᠠᠪᠯᠠᠭ᠎ᠠ ᠳᠤ 30 ᠭᠠᠷᠤᠶ ᠬᠥᠮᠦᠨ ᠤᠳᠠᠭ᠎ᠠ ᠬᠠᠷᠢᠭᠤᠯᠲᠠ ᠥᠭᠪᠡ᠃   2024 ᠣᠨ ᠤ ︽ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠭᠠᠷᠠᠭ︾ ᠤᠨ ᠤᠬᠠᠭᠤᠯᠭ᠎ᠠ ᠶᠢᠨ ᠠᠵᠢᠯᠯᠠᠭ᠎ᠠ 12 ᠰᠠᠷ᠎ᠠ ᠶᠢᠨ 1 ᠤ ᠡᠳᠦᠷ ᠠᠴᠠ 12 ᠰᠠᠷ᠎ᠠ ᠶᠢᠨ 7 ᠤ ᠡᠳᠦᠷ ᠪᠣᠯᠲᠠᠯ᠎ᠠ ᠦᠷᠭᠦᠯᠵᠢᠯᠡᠨ᠎ᠡ᠃    ︽ᠲᠤᠰ ᠭᠠᠷᠠᠭ ᠪᠣᠯ ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠭᠠᠷᠠᠭ ᠪᠣᠯᠤᠨ᠎ᠠ᠂ ᠥᠨᠥᠳᠦᠷ ᠮᠠᠨ ᠤ ᠬᠤᠰᠢᠭᠤ ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠰᠢᠷᠢᠰ ᠠᠵᠢᠯᠯᠠᠭ᠎ᠠ ᠶᠢ ᠡᠬᠢᠯᠡᠭᠦᠯᠵᠦ᠂ ᠣᠯᠠᠨ ᠲᠦᠮᠡᠨ ᠤ ᠶᠠᠪᠤᠵᠤ ᠰᠠᠭᠤᠬᠤ ᠴᠠᠭ ᠢ ᠠᠰᠢᠭᠯᠠᠨ᠂ ᠰᠢᠭᠦᠬᠦ ᠬᠤᠷᠢᠶ᠎ᠠ᠂ ᠪᠠᠶᠢᠴᠠᠭᠠᠬᠤ ᠬᠤᠷᠢᠶ᠎ᠠ᠂ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠵᠡᠷᠭᠡ ᠠᠷᠪᠠᠨ ᠬᠡᠳᠦᠨ ᠰᠠᠯᠠᠭ᠎ᠠ ᠮᠥᠴᠢᠷ ᠲᠠᠢ ᠬᠠᠮᠲᠤᠷᠠᠨ᠂ ᠪᠦᠬᠦ ᠬᠤᠰᠢᠭᠤᠨ ᠤ ᠬᠡᠪᠴᠢᠶᠡᠨ ᠳᠤ ᠣᠯᠠᠨ ᠴᠡᠭ ᠤᠨ ᠤᠬᠠᠭᠤᠯᠭ᠎ᠠ ᠬᠢᠵᠦ᠂ ᠣᠯᠠᠨ ᠲᠦᠮᠡᠨ ᠳᠤ ᠦᠨᠳᠦᠰᠦᠨ ᠬᠠᠤᠯᠢ ᠶᠢᠨ ᠮᠡᠳᠡᠯᠭᠡ ᠶᠢ ᠲᠦᠭᠡᠮᠡᠯᠵᠢᠭᠦᠯᠵᠦ᠂ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠲᠦᠭᠡᠮᠡᠯᠵᠢᠭᠦᠯᠬᠦ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠪᠠ᠃ ᠡᠭᠦᠨ ᠤ ᠬᠠᠮᠲᠤ ᠮᠠᠨ ᠤ ᠲᠣᠪᠴᠢᠶ᠎ᠠ ᠶᠢᠨ ᠪᠠᠶᠢᠭᠤᠯᠭ᠎ᠠ ᠶᠢᠨ ᠺᠠᠳ᠋ᠷ ᠲᠤᠬᠠᠶ ᠶᠢᠨ ᠲᠠᠯᠠᠪᠤᠷ ᠲᠤ ᠣᠯᠠᠨ ᠲᠦᠮᠡᠨ ᠤ ᠬᠠᠤᠯᠢ ᠴᠠᠭᠠᠵᠠ ᠶᠢᠨ ᠯᠠᠪᠯᠠᠭ᠎ᠠ ᠳᠤ ᠬᠠᠷᠢᠭᠤᠯᠲᠠ ᠥᠭᠴᠦ᠂ ᠪᠢᠳᠡᠨ ᠤ ᠵᠣᠷᠢᠯᠭ᠎ᠠ ᠪᠣᠯ ᠳᠠᠷᠤᠶ ᠤᠬᠠᠭᠤᠯᠭ᠎ᠠ ᠶᠢᠨ ᠠᠵᠢᠯᠯᠠᠭ᠎ᠠ ᠪᠠᠷ ᠳᠠᠮᠵᠢᠭᠤᠯᠤᠨ᠂ ᠣᠯᠠᠨ ᠲᠠᠯ᠎ᠠ ᠶᠢᠨ ᠬᠦᠴᠦᠨ ᠴᠢᠳᠠᠯ ᠢ ᠬᠤᠯᠪᠣᠭᠠᠯᠠᠨ ᠬᠥᠳᠡᠯᠦᠯᠴᠡᠵᠦ᠂ ᠣᠯᠠᠨ ᠲᠦᠮᠡᠨ ᠢ ᠬᠠᠤᠯᠢ ᠪᠠᠷ ᠵᠠᠰᠠᠬᠤ ᠵᠣᠷᠢᠭ ᠰᠠᠨᠠᠭᠠᠨ ᠤ ᠬᠠᠮᠠᠭᠠᠯᠠᠭᠴᠢ ᠪᠠ ᠤᠯᠠᠮᠵᠢᠯᠠᠭᠴᠢ ᠪᠣᠯᠭᠠᠵᠤ᠂ ᠬᠠᠤᠯᠢ ᠪᠠᠷ ᠵᠠᠰᠠᠬᠤ ᠬᠠᠷᠠᠴᠢᠨ ᠢ ᠪᠥᠲᠥᠭᠡᠨ ᠪᠠᠶᠢᠭᠤᠯᠬᠤ ᠳᠤ ᠬᠤᠪᠢ ᠨᠡᠮᠡᠷᠢ ᠦᠵᠡᠭᠦᠯᠬᠦ ᠶᠢᠨ ᠲᠥᠯᠥᠭᠡ ᠶᠤᠮ᠃︾ ᠬᠤᠰᠢᠭᠤᠨ ᠤ ᠬᠠᠤᠯᠢ ᠴᠠᠭᠠᠵᠠ ᠶᠢᠨ ᠲᠣᠪᠴᠢᠶᠠᠨ ᠤ ᠳᠠᠷᠤᠭ᠎ᠠ ᠠᠨ ᠫᠧᠩ ᠶᠠᠷᠢᠶ᠎ᠠ ᠲᠠᠯᠪᠢᠪᠠ᠃
 
ᠢᠷᠡᠯᠲᠡ᠄ ᠬᠠᠷᠠᠴᠢᠠ ᠬᠤᠰᠢᠭᠤᠠ ᠤ ᠠᠷᠠᠳ ᠤᠨ ᠵᠠᠰᠠᠭ ᠤᠨ ᠤᠷᠳᠣᠠ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号