ᠣᠶᠢᠷ᠎ᠠ ᠶᠢᠨ ᠵᠢᠯ ᠠᠴᠠ ᠨᠠᠰᠢ᠂ ᠮᠠᠨ ᠤ ᠬᠤᠰᠢᠭᠤ ᠤᠯᠠᠭᠠᠨᠬᠠᠳᠠ ᠶᠢᠨ ᠡᠮᠦᠨ᠎ᠡ ᠬᠡᠰᠡᠭ ᠤᠨ ᠰᠡᠯᠡᠭᠦᠴᠡᠯ | ᠠᠮᠠᠷᠠᠯᠲᠠ ᠶᠢᠨ ᠵᠢᠭᠤᠯᠴᠢᠯᠠᠯ ᠪᠣᠯᠤᠨ ᠬᠥᠳᠡᠭᠡ ᠲᠣᠰᠬᠤᠨ ᠤ ᠣᠶᠢᠷ᠎ᠠ ᠲᠡᠭᠦᠷᠭᠡ ᠶᠢᠨ ᠵᠤᠭᠠᠴᠠᠯ ᠤᠨ ᠬᠤᠶᠠᠷ | ᠫᠠᠶᠢᠰᠠ ᠢᠯᠡᠷᠬᠡᠶᠢᠯᠡᠯ ᠢ ᠪᠠᠶᠢᠭᠤᠯᠬᠤ ᠶᠢᠨ ᠲᠣᠭᠤᠷᠢᠨ ᠳᠤ᠂ ᠦᠵᠡᠮᠵᠢ ᠶᠢᠨ ᠣᠷᠣᠨ ᠢᠶᠠᠷ ᠳᠠᠶᠢᠴᠢᠯᠠᠬᠤ᠂ | ᠲᠥᠷᠥ ᠶᠢᠨ ᠪᠣᠳᠣᠯᠭ᠎ᠠ ᠪᠠᠷ ᠠᠬᠢᠭᠤᠯᠬᠤ ᠪᠠᠷ ᠳᠠᠮᠵᠢᠭᠤᠯᠤᠨ᠂ ᠬᠥᠳᠡᠭᠡ ᠲᠣᠰᠬᠤᠨ ᠤ ᠵᠤᠭᠠᠴᠠᠯ ᠤᠨ ᠣᠨᠴᠠᠯᠢᠭᠲᠤ | ᠪᠦᠲᠦᠭᠡᠭᠳᠡᠬᠦᠨ ᠢ ᠭᠦᠨᠵᠡᠭᠡᠶ ᠠᠭᠤᠳᠠᠯᠵᠤ᠂ ᠭᠤᠷᠪᠠᠨ ᠲᠣᠰᠬᠤᠨ ᠤ ᠰᠣᠶᠣᠯ ᠤᠨ ᠠᠮᠲᠠᠲᠤ ᠢᠳᠡᠭᠡᠨ᠂ ᠮᠠ ᠠᠨ | ᠱᠠᠨ ᠤ ᠬᠤᠪᠢᠰᠬᠠᠯ ᠤᠨ ᠰᠤᠷᠭᠠᠨ ᠬᠥᠮᠦᠵᠢᠯ᠂ ᠯᠸᠢ ᠶᠢᠩᠽᠢ ᠲᠣᠰᠬᠤᠨ ᠤ ᠰᠤᠳᠤᠯᠤᠨ ᠰᠤᠷᠤᠯᠴᠠᠬᠤ ᠶᠢ | ᠪᠡᠶᠡᠴᠢᠯᠡᠨ ᠣᠶᠢᠯᠠᠭᠠᠬᠤ᠂ ᠯᠢᠨ ᠶᠢᠩᠽᠢ ᠲᠣᠰᠬᠤᠨ ᠤ ᠮᠠᠨᠵᠤ ᠦᠨᠳᠦᠰᠦᠲᠡᠨ ᠤ ᠵᠠᠩ ᠦᠢᠯᠡ᠂ ᠬᠥ᠋ ᠱᠠᠨ | ᠲᠣᠰᠬᠤᠨ ᠤ ᠣᠶ ᠰᠢᠭᠤᠶ ᠶᠢᠨ ᠡᠷᠡᠭᠦᠯ ᠮᠡᠨᠳᠦ ᠪᠠᠷ ᠲᠥᠯᠥᠭᠡᠯᠡᠭᠴᠢ ᠪᠣᠯᠭᠠᠭᠰᠠᠨ ᠭᠤᠤᠯ ᠰᠡᠳᠦᠪ ᠨᠢ ᠲᠣᠪᠤᠶᠢᠮ᠎ᠠ᠂ | ᠣᠨᠴᠠᠯᠢᠭ ᠢᠶᠠᠷ ᠢᠯᠡ ᠲᠣᠳᠣ ᠬᠥᠳᠡᠭᠡ ᠲᠣᠰᠬᠤᠨ ᠤ ᠵᠤᠭᠠᠴᠠᠯ ᠤᠨ ᠬᠥᠭᠵᠢᠯᠲᠡ ᠶᠢᠨ ᠪᠠᠶᠢᠷᠢᠰᠢᠯ ᠢ ᠪᠣᠶ ᠪᠣᠯᠭᠠᠵᠤ᠂ | ︽ᠬᠥᠳᠡᠭᠡ ᠲᠣᠰᠬᠤᠨ ᠤ ᠦᠵᠡᠰᠬᠦᠯᠡᠩᠲᠦ ᠰᠠᠶᠢᠬᠠᠨ ᠦᠵᠡᠮᠵᠢ ᠶᠢ ᠰᠣᠨᠢᠷᠬᠠᠬᠤ᠂ ᠤᠨᠴᠠᠯᠢᠬᠳᠤ ᠠᠮᠲᠠᠲᠤ | ᠢᠳᠡᠭᠡᠨ ᠢ ᠠᠮᠲᠠᠯᠠᠬᠤ︾ ᠪᠠ ︽ᠬᠤᠪᠢᠰᠬᠠᠯ ᠤᠨ ᠰᠣᠳᠣᠨ ᠵᠢᠭᠤᠯᠴᠢᠯᠠᠯ ᠢ ᠪᠡᠶᠡᠴᠢᠯᠡᠨ ᠣᠶᠢᠯᠠᠭᠠᠬᠤ︾ ᠵᠡᠷᠭᠡ 3 | ᠥᠪᠡᠷᠮᠢᠴᠡ ᠣᠨᠴᠠᠯᠢᠭ ᠲᠠᠢ᠂ ᠠᠭᠤᠯᠤᠭᠳᠠᠬᠤᠨ ᠲᠠᠢ᠂ ᠴᠢᠨᠠᠷ ᠲᠠᠰ ᠲᠠᠢ ᠬᠥᠳᠡᠭᠡ ᠲᠣᠰᠬᠤᠨ ᠤ ᠵᠤᠭᠠᠴᠠᠯ ᠤᠨ | ᠰᠣᠳᠣᠨ ᠵᠠᠮ ᠱᠤᠭᠤᠮ ᠢ ᠭᠠᠷᠭᠠᠵᠠᠢ᠃ ᠤᠯᠤᠰ ᠤᠨ ᠬᠥᠳᠡᠭᠡ ᠲᠣᠰᠬᠤᠨ ᠤ ᠵᠢᠭᠤᠯᠴᠢᠯᠠᠯ ᠤᠨ ᠭᠤᠤᠯᠳᠠᠯᠭ᠎ᠠ ᠲᠠᠢ | ᠲᠣᠰᠬᠤᠨ 3᠂ ᠥᠪᠡᠷᠲᠡᠭᠡᠨ ᠵᠠᠰᠠᠬᠤ ᠣᠷᠣᠨ ᠤ ᠬᠥᠳᠡᠭᠡ ᠲᠣᠰᠬᠤᠨ ᠤ ᠵᠢᠭᠤᠯᠴᠢᠯᠠᠯ ᠤᠨ ᠭᠤᠤᠯᠳᠠᠯᠭ᠎ᠠ ᠲᠠᠢ | ᠲᠣᠰᠬᠤᠨ 3᠂ ᠬᠤᠲᠠ ᠶᠢᠨ ᠱᠠᠲᠤᠨ ᠤ ᠬᠥᠳᠡᠭᠡ ᠲᠣᠰᠬᠤᠨ ᠤ ᠵᠢᠭᠤᠯᠴᠢᠯᠠᠯ ᠤᠨ ᠭᠤᠤᠯᠳᠠᠯᠭ᠎ᠠ ᠲᠠᠢ ᠲᠣᠰᠬᠤᠨ | 2᠂ ᠭᠤᠷᠪᠠᠨ ᠣᠳᠣᠨ ᠲᠠᠰ ᠠᠴᠠ ᠳᠡᠭᠡᠭᠰᠢᠬᠢ ᠬᠥᠳᠡᠭᠡ ᠲᠣᠰᠬᠤᠨ ᠤ ᠵᠢᠭᠤᠯᠴᠢᠯᠠᠯ ᠤᠨ ᠭᠥᠯᠢᠶᠡᠨ ᠠᠪᠬᠤ ᠡᠷᠦᠬᠡ | 15᠂ ᠬᠥᠳᠡᠭᠡ ᠲᠣᠰᠬᠤᠨ ᠤ ᠵᠢᠭᠤᠯᠴᠢᠯᠠᠯ ᠤᠨ ᠭᠤᠤᠯᠳᠠᠯᠭ᠎ᠠ ᠲᠠᠢ ᠲᠣᠰᠬᠤᠨ ᠪᠠ ᠣᠳᠣᠨ ᠲᠠᠰ ᠤᠨ ᠭᠥᠯᠢᠶᠡᠨ | ᠠᠪᠬᠤ ᠡᠷᠦᠬᠡ ᠶᠢᠨ ᠲᠤᠭ᠎ᠠ ᠪᠥᠬᠦ ᠬᠤᠲᠠ ᠶᠢᠨ ᠬᠠᠭᠠᠰ ᠠᠴᠠ ᠳᠡᠭᠡᠭᠰᠢᠬᠢ ᠶᠢ ᠡᠵᠡᠯᠡᠵᠦ᠂ ᠪᠥᠬᠦ ᠤᠯᠤᠰ ᠤᠨ | ᠰᠡᠯᠡᠭᠦᠴᠡᠯ ᠤᠨ ᠲᠠᠷᠢᠶᠠᠯᠠᠩ ᠪᠠ ᠬᠥᠳᠡᠭᠡ ᠲᠣᠰᠬᠤᠨ ᠤ ᠵᠢᠭᠤᠯᠴᠢᠯᠠᠯ ᠤᠨ ᠵᠢᠱᠢᠶ᠎ᠡ ᠦᠵᠡᠭᠦᠯᠬᠦ ᠬᠤᠰᠢᠭᠤ ᠪᠠᠷ | ᠦᠨᠡᠯᠡᠭᠳᠡᠪᠡ᠃ ᠵᠢᠯ ᠤᠨ ᠡᠬᠢᠨ ᠠᠴᠠ ᠨᠠᠰᠢ᠂ ᠪᠥᠬᠦ ᠬᠤᠰᠢᠭᠤᠨ ᠤ ᠬᠥᠳᠡᠭᠡ ᠲᠣᠰᠬᠤᠨ ᠤ ᠵᠢᠭᠤᠯᠴᠢᠯᠠᠯ ᠤᠨ | ᠭᠥᠯᠢᠶᠡᠨ ᠠᠪᠤᠭᠰᠠᠨ ᠨᠢ 138.5 ᠲᠦᠮᠡᠨ ᠬᠥᠮᠦᠨ ᠤᠳᠠᠭ᠎ᠠ ᠳᠤ ᠬᠦᠷᠴᠦ᠂ ᠶᠡᠷᠦᠩᠬᠡᠶᠢᠯᠡᠭᠰᠡᠨ ᠣᠷᠣᠯᠭ᠎ᠠ ᠶᠢ | 10.8 ᠳ᠋ᠦᠩᠰᠢᠭᠤᠷ ᠲᠥᠭᠦᠷᠢᠭ ᠪᠡᠶᠡᠯᠡᠭᠦᠯᠪᠡ᠃ |