︽ᠤᠯᠠᠭᠠᠨᠬᠠᠳᠠ ᠶᠢᠨ ᠰᠠᠶᠢᠨ ᠡᠳ᠋ ᠪᠡᠭᠡᠵᠢᠩ ᠳᠤ ᠬᠦᠷᠬᠦ︾ ᠬᠠᠷᠠᠴᠢᠨ ᠬᠤᠰᠢᠭᠤᠨ ᠤ ᠲᠤᠰᠬᠠᠶ ᠲᠠᠨᠢᠯᠴᠠᠭᠤᠯᠭ᠎ᠠ ᠶᠢᠨ ᠬᠤᠷᠠᠯ ᠪᠡᠭᠡᠵᠢᠩ ᠤᠨ ᠦᠵᠡᠰᠬᠦᠯᠡᠩ ᠤᠨ ᠣᠷᠳᠣᠨ ᠳᠤ ᠶᠠᠪᠤᠭᠳᠠᠪᠠ
ᠨᠡᠶᠢᠲᠡᠯᠡᠭᠰᠡᠨ ᠴᠠᠭ᠄
2023/11/25
     11 ᠰᠠᠷ᠎ᠠ ᠶᠢᠨ 25 ᠤ ᠡᠳᠦᠷ ᠤᠨ ᠦᠳᠡ ᠶᠢᠨ ᠬᠤᠶᠢᠨ᠎ᠠ᠂ ︽ᠤᠯᠠᠭᠠᠨᠬᠠᠳᠠ ᠶᠢᠨ ᠰᠠᠶᠢᠨ ᠡᠳ᠋ ᠪᠡᠭᠡᠵᠢᠩ ᠳᠤ ᠣᠷᠣᠵᠤ ᠢᠷᠡᠬᠦ︾ ᠬᠠᠷᠠᠴᠢᠨ ᠬᠤᠰᠢᠭᠤᠨ ᠤ ᠲᠤᠰᠬᠠᠶ ᠲᠠᠨᠢᠯᠴᠠᠭᠤᠯᠭ᠎ᠠ ᠶᠢᠨ ᠬᠤᠷᠠᠯ ᠪᠡᠭᠡᠵᠢᠩ ᠤᠨ ᠦᠵᠡᠰᠬᠦᠯᠡᠩ ᠤᠨ ᠣᠷᠳᠣᠨ ᠳᠤ ᠶᠠᠪᠤᠭᠳᠠᠪᠠ᠃ ᠤᠯᠠᠭᠠᠨᠬᠠᠳᠠ ᠬᠤᠲᠠ ᠶᠢᠨ ᠵᠠᠰᠠᠭ ᠤᠨ ᠣᠷᠳᠣᠨ ᠤ ᠳᠡᠳ᠋ ᠨᠠᠷᠢᠨ ᠪᠢᠴᠢᠭ ᠤᠨ ᠳᠠᠷᠤᠭ᠎ᠠ᠂ ᠬᠤᠲᠠ ᠶᠢᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠲᠣᠪᠴᠢᠶ᠎ᠠ ᠶᠢᠨ ᠳᠡᠳ᠋ ᠲᠤᠪᠴᠢᠶᠠᠨ ᠳᠠᠷᠤᠭ᠎ᠠ ᠭᠤᠤ ᠵᠢᠶᠠᠨ᠂ ᠤᠯᠠᠭᠠᠨᠬᠠᠳᠠ ᠬᠤᠲᠠ ᠶᠢᠨ ᠰᠣᠶᠣᠯ ᠪᠠ ᠵᠢᠭᠤᠯᠴᠢᠯᠠᠯ ᠤᠨ ᠲᠣᠪᠴᠢᠶ᠎ᠠ ᠶᠢᠨ ᠳᠡᠳ᠋ ᠳᠠᠷᠤᠭ᠎ᠠ ᠮᠠ ᠰᠢᠶᠠᠨ ᠾᠧ᠂ ᠬᠤᠰᠢᠭᠤᠨ ᠲᠠᠰ ᠤᠨ ᠤᠳᠤᠷᠢᠳᠤᠯᠭ᠎ᠠ ᠵᠣᠣ ᠶᠠᠨ ᠬᠤᠩ᠂ ᠱᠢ ᡁᠢ ᠯᠢᠶᠠᠩ᠂ ᠸᠠᠩ ᠶᠦᠨ ᠰᠢᠶᠠ᠂ ᠪᠢᠴᠢᠭᠲᠦ᠂ ᠯᠢᠦ ᠸᠧᠶ ᠵᠢᠴᠢ ᠪᠡᠭᠡᠵᠢᠩ ᠬᠤᠲᠠ ᠶᠢᠨ ᠬᠠᠮᠢᠶ᠎ᠠ ᠪᠥᠬᠦᠶ ᠤᠳᠤᠷᠢᠳᠤᠯᠭ᠎ᠠ ᠪᠠ ᠠᠵᠤ ᠠᠬᠤᠶᠢᠯᠠᠯᠲᠠᠨ ᠤ ᠲᠥᠯᠥᠭᠡᠯᠡᠭᠴᠢ ᠬᠤᠷᠠᠯ ᠳᠤ ᠣᠷᠣᠯᠴᠠᠵᠠᠶ᠃ ᠪᠡᠭᠡᠵᠢᠩ ᠬᠤᠲᠠ ᠶᠢᠨ ᠰᠢᠴᠸᠩ ᠲᠣᠭᠤᠷᠢᠭ ᠤᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ ᠬᠠᠮᠢᠶ᠎ᠠ ᠪᠥᠬᠦᠶ ᠬᠠᠷᠢᠭᠤᠴᠠᠯᠭᠠᠲᠠᠨ᠂ ᠰᠢᠴᠸᠩ ᠲᠣᠭᠤᠷᠢᠭ ᠤᠨ ᠡᠯ᠎ᠡ ᠵᠡᠭᠡᠯᠢ ᠭᠤᠳᠤᠮᠵᠢ ᠶᠢᠨ ᠵᠣᠬᠢᠶᠠᠨ ᠪᠠᠶᠢᠭᠤᠯᠬᠤ ᠠᠵᠢᠯᠲᠠᠨ᠂ ᠪᠡᠭᠡᠵᠢᠩ ᠣᠷᠣᠨ ᠤ ᠬᠠᠷᠠᠴᠢᠨ ᠨᠤᠲᠤᠭ ᠤᠨ ᠨᠠᠶᠢᠵᠠ ᠵᠢᠴᠢ ᠬᠤᠰᠢᠭᠤᠨ ᠤ ᠬᠠᠮᠢᠶ᠎ᠠ ᠪᠥᠬᠦᠶ ᠰᠠᠯᠠᠭ᠎ᠠ ᠮᠥᠴᠢᠷ ᠤᠨ ᠬᠠᠷᠢᠭᠤᠴᠠᠯᠭᠠᠲᠠᠨ᠂ ᠦᠵᠡᠰᠬᠦᠯᠡᠩ ᠳᠤ ᠣᠷᠣᠯᠴᠠᠭᠰᠠᠨ ᠠᠵᠤ ᠠᠬᠤᠶᠢᠯᠠᠯ ᠤᠨ ᠲᠥᠯᠥᠭᠡᠯᠡᠭᠴᠢ ᠨᠡᠶᠢᠲᠡ 300 ᠭᠠᠷᠤᠶ ᠬᠥᠮᠦᠨ ᠲᠠᠨᠢᠯᠴᠠᠭᠤᠯᠭ᠎ᠠ ᠶᠢᠨ ᠬᠤᠷᠠᠯ ᠳᠤ ᠣᠷᠣᠯᠴᠠᠵᠠᠶ᠃     ᠬᠤᠰᠢᠭᠤᠨ ᠤ ᠵᠠᠰᠠᠭ ᠤᠨ ᠣᠷᠳᠣᠨ ᠤ ᠳᠡᠳ᠋ ᠬᠤᠰᠢᠭᠤᠨ ᠳᠠᠷᠤᠭ᠎ᠠ ᠪᠢᠴᠢᠭᠲᠦ ᠪᠠᠶᠠᠷ ᠤᠨ ᠦᠭᠡ ᠬᠡᠯᠡᠬᠦ ᠳᠡᠭᠡᠨ᠄ ᠪᠡᠭᠡᠵᠢᠩ ᠥᠪᠥᠷ ᠮᠣᠩᠭᠤᠯ ᠬᠤᠶᠠᠷ ᠭᠠᠵᠠᠷ ᠤᠨ ︽ᠰᠣᠶᠣᠯ ᠨᠡᠪᠲᠡᠷᠡᠯᠴᠡᠵᠦ︾᠂ ᠪᠡᠭᠡᠵᠢᠩ ᠤᠨ ᠮᠣᠩᠭᠤᠯ ᠲᠥᠪᠡᠳ ᠤᠨ ᠰᠤᠷᠭᠠᠭᠤᠯᠢ ᠨᠢ ᠬᠠᠷᠠᠴᠢᠨ ᠴᠢᠨ ᠸᠠᠩ ᠤᠨ ᠣᠷᠳᠣᠨ ᠲᠠᠢ ᠦᠨᠳᠦᠰᠦ ᠭᠠᠷᠤᠯ ᠨᠢᠭᠡᠲᠡᠶ᠂ ᠤᠳᠤᠮ ᠤᠯᠠᠮᠵᠢᠯᠠᠯ ᠨᠢᠭᠡᠲᠡᠶ ᠪᠠᠶᠢᠳᠠᠭ᠃ ᠬᠤᠶᠠᠷ ᠭᠠᠵᠠᠷ ᠤᠨ ᠬᠢᠨ ︽ᠨᠥᠬᠦᠷᠯᠡᠯ ᠠᠭᠤᠰᠤᠯᠴᠠᠵᠤ︾᠂ ᠪᠡᠭᠡᠵᠢᠩ ᠬᠤᠲᠠ ᠶᠢᠨ ᠰᠢᠴᠸᠩ ᠲᠣᠭᠤᠷᠢᠭ ᠲᠤ ᠬᠠᠷᠠᠴᠢᠨ ᠬᠤᠰᠢᠭᠤ ᠲᠠᠢ ᠬᠠᠪᠰᠤᠷᠤᠨ ᠲᠡᠳᠬᠦᠬᠦ ᠬᠠᠮᠵᠢᠯᠴᠠᠭ᠎ᠠ ᠥᠷᠨᠢᠭᠦᠯᠦᠭᠰᠡᠨ ᠠᠴᠠ ᠨᠠᠰᠢ᠂ ᠠᠵᠤ ᠦᠢᠯᠡᠰ ᠤᠨ ᠬᠥᠭᠵᠢᠯᠲᠡ᠂ ᠬᠡᠷᠡᠭᠯᠡᠭᠡ ᠶᠢᠨ ᠬᠠᠪᠰᠤᠷᠤᠨ ᠲᠡᠳᠬᠦᠬᠦ᠂ ᠴᠢᠳᠠᠪᠤᠷᠢᠲᠠᠨ ᠤ ᠰᠣᠯᠢᠯᠴᠠᠭ᠎ᠠ᠂ ᠰᠤᠷᠭᠠᠨ ᠬᠥᠮᠦᠵᠢᠯ ᠡᠮ ᠡᠮᠨᠡᠯᠭᠡ ᠵᠡᠷᠭᠡ ᠬᠦᠷᠢᠶᠡᠨ ᠳᠤ ᠬᠠᠷᠢᠯᠴᠠᠨ ᠬᠤᠯᠪᠣᠭᠠᠯᠠᠵᠤ ᠬᠠᠷᠢᠯᠴᠠᠨ ᠨᠡᠪᠲᠡᠷᠡᠯᠴᠡᠬᠦ ᠦᠷ᠎ᠡ ᠪᠦᠲᠦᠭᠡᠯ ᠢ ᠬᠠᠮᠲᠤ ᠪᠠᠷ ᠡᠳ᠋ᠯᠡᠬᠦ ᠶᠢ ᠪᠡᠶᠡᠯᠡᠭᠦᠯᠵᠦ᠂ ᠭᠦᠨ ᠵᠤᠵᠠᠭᠠᠨ ᠪᠠᠲᠤ ᠪᠠᠬᠢ ᠬᠠᠶᠢᠷ᠎ᠠ ᠰᠡᠳᠬᠢᠯᠭᠡ ᠶᠢ ᠬᠠᠮᠲᠤ ᠪᠠᠷ ᠪᠠᠶᠢᠭᠤᠯᠤᠭᠰᠠᠨ ᠪᠠᠶᠢᠨ᠎ᠠ᠃ ᠬᠤᠶᠠᠷ ᠭᠠᠵᠠᠷ ᠤᠨ ᠬᠢᠨ ︽ᠠᠵᠤ ᠠᠬᠤᠶ ᠬᠠᠷᠢᠯᠴᠠᠨ ᠬᠤᠯᠪᠣᠯᠳᠤᠵᠤ︾᠂ ᠱᠸᠤ ᠨᠦᠩ ᠪᠦᠯᠦᠭᠯᠡᠯ᠂ ᠬᠤᠩ ᠹᠦ᠋ ᠪᠦᠯᠦᠭᠯᠡᠯ᠂ ᠵᠦᠩ ᠨᠦᠩ ᠪᠦᠯᠦᠭᠯᠡᠯ᠂ ᠳᠤᠮᠳᠠᠳᠤ ᠤᠯᠤᠰ ᠤᠨ ᠪᠠᠷᠢᠯᠭ᠎ᠠ ᠶᠢᠨ ᠮᠠᠲ᠋ᠧᠷᠢᠶᠠᠯ ᠵᠡᠷᠭᠡ ᠨᠢᠭᠡ ᠪᠦᠯᠦᠭ ᠰᠢᠯᠢᠳᠡᠭ ︽ᠪᠡᠭᠡᠵᠢᠩ ᠤᠨ ᠠᠵᠤ ᠠᠬᠤᠶᠢᠯᠠᠯ︾ ᠵᠠᠯᠭᠠᠯᠳᠤᠭ᠎ᠠ ᠪᠠᠷ ᠬᠠᠷᠠᠴᠢᠨ ᠬᠤᠰᠢᠭᠤᠨ ᠳᠤ ᠨᠤᠲᠤᠭᠰᠢᠨ ᠰᠠᠭᠤᠷᠢᠰᠢᠵᠤ᠂ ᠬᠠᠷᠠᠴᠢᠨ ᠬᠤᠰᠢᠭᠤ ᠠᠭᠠᠵᠢᠮ ᠢᠶᠠᠷ ᠪᠡᠭᠡᠵᠢᠩ ᠣᠷᠣᠨ ᠤ ᠠᠵᠤ ᠦᠢᠯᠡᠰ ᠤᠨ ᠰᠢᠯᠵᠢᠯᠲᠡ ᠶᠢ ᠵᠠᠯᠭᠠᠵᠤ ᠠᠪᠬᠤ ᠰᠢᠯᠢᠳᠡᠭ ᠭᠠᠵᠠᠷ ᠪᠣᠯᠤᠭᠰᠠᠨ ᠪᠠᠶᠢᠨ᠎ᠠ᠃ ᠡᠨᠡ ᠤᠳᠠᠭ᠎ᠠ ᠪᠡᠭᠡᠵᠢᠩ ᠳᠤ ᠢᠷᠡᠵᠦ ᠲᠠᠨᠢᠯᠴᠠᠭᠤᠯᠬᠤ ᠠᠵᠢᠯᠯᠠᠭ᠎ᠠ ᠥᠷᠨᠢᠭᠦᠯᠦᠭᠰᠡᠨ ᠨᠢ ᠨᠢᠭᠡ ᠤᠳᠠᠭ᠎ᠠ ᠶᠢᠨ ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠬᠦ ᠠᠶᠠᠯᠠᠯ ᠪᠣᠯᠬᠤ ᠪᠠᠷ ᠪᠠᠷᠠᠬᠤ ᠦᠭᠡᠢ ᠪᠠᠰᠠ ᠴᠤ ᠨᠢᠭᠡ ᠤᠳᠠᠭ᠎ᠠ ᠶᠢᠨ ᠬᠠᠯᠠᠭᠤᠮᠰᠤᠭ ᠤᠷᠢᠯᠭ᠎ᠠ ᠶᠢᠨ ᠪᠣᠯᠵᠤᠭ᠎ᠠ ᠪᠣᠯᠤᠨ᠎ᠠ᠃ ᠬᠠᠷᠠᠴᠢᠨ ᠬᠤᠰᠢᠭᠤ ᠬᠢᠵᠠᠭᠠᠯᠠᠰᠢ ᠦᠭᠡᠢ ᠲᠠᠲᠠᠬᠤ ᠬᠦᠴᠦᠨ ᠲᠠᠢ᠂ ᠬᠢᠵᠠᠭᠠᠯᠠᠰᠢ ᠦᠭᠡᠢ ᠠᠵᠠ ᠲᠣᠬᠢᠶᠠᠯ ᠲᠠᠢ᠃ ᠤᠯᠠᠨ ᠢᠶᠠᠷ ᠢᠶᠠᠨ ᠬᠠᠷᠠᠴᠢᠨ ᠬᠤᠰᠢᠭᠤᠨ ᠳᠤ ᠰᠢᠨᠵᠢᠯᠡᠨ ᠪᠠᠶᠢᠴᠠᠭᠠᠵᠤ ᠵᠢᠭᠠᠨ ᠵᠢᠯᠣᠭᠤᠳᠴᠤ᠂ ᠵᠤᠭᠠᠴᠠᠨ ᠲᠣᠭᠤᠷᠢᠵᠤ᠂ ᠪᠡᠯᠡ ᠣᠷᠣᠭᠤᠯᠤᠨ ᠦᠢᠯᠡᠰ ᠢᠶᠠᠨ ᠬᠥᠭᠵᠢᠭᠦᠯᠵᠦ᠂ ᠪᠡᠶ᠎ᠡ ᠪᠠᠷ ᠢᠶᠠᠨ ᠦᠵᠡᠰᠬᠦᠯᠡᠩᠲᠦ ᠰᠠᠶᠢᠬᠠᠨ ᠦᠵᠡᠮᠵᠢ ᠶᠢ ᠰᠣᠨᠢᠷᠬᠠᠵᠤ᠂ ᠠᠮᠲᠠᠲᠤ ᠢᠳᠡᠭᠡᠨ ᠢ ᠠᠮᠲᠠᠯᠠᠵᠤ᠂ ᠬᠥᠭᠵᠢᠯᠲᠡ ᠶᠢᠨ ᠠᠵᠠ ᠲᠣᠬᠢᠶᠠᠯ ᠢ ᠬᠠᠮᠲᠤᠪᠠᠷ ᠡᠳ᠋ᠯᠡᠬᠦ ᠶᠢ ᠪᠠᠶᠠᠷᠯᠠᠨ ᠤᠭᠲᠤᠵᠤ ᠪᠠᠶᠢᠨ᠎ᠠ ᠭᠡᠵᠦ ᠵᠢᠭᠠᠵᠤ ᠭᠠᠷᠭᠠᠪᠠ᠃     ᠬᠠᠷᠠᠴᠢᠨ ᠬᠤᠰᠢᠭᠤᠨ ᠤ ᠲᠠᠷᠢᠶᠠᠯᠠᠩ ᠮᠠᠯ ᠠᠵᠤ ᠠᠬᠤᠶ ᠶᠢᠨ ᠲᠣᠪᠴᠢᠶ᠎ᠠ ᠪᠣᠯᠤᠨ ᠬᠤᠰᠢᠭᠤᠨ ᠤ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠬᠠᠮᠢᠶ᠎ᠠ ᠪᠥᠬᠦᠶ ᠬᠠᠷᠢᠭᠤᠴᠠᠯᠭᠠᠲᠠᠨ ᠲᠣᠰ ᠲᠣᠰ ᠬᠠᠷᠠᠴᠢᠨ ᠬᠤᠰᠢᠭᠤᠨ ᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠲᠠᠨᠢᠯᠴᠠᠭᠤᠯᠬᠤ ᠪᠠ ᠬᠠᠷᠠᠴᠢᠨ ᠬᠤᠰᠢᠭᠤᠨ ᠤ ᠰᠣᠶᠣᠯ ᠵᠢᠭᠤᠯᠴᠢᠯᠠᠯ ᠤᠨ ᠪᠠᠷᠢᠭᠠᠳᠠ ᠶᠢ ᠲᠠᠨᠢᠯᠴᠠᠭᠤᠯᠪᠠ ᠃ ᠬᠤᠷᠠᠯ ᠳᠤ ᠣᠷᠣᠯᠴᠠᠭᠰᠠᠳ ︽ᠬᠠᠷᠠᠴᠢᠨ ᠬᠤᠰᠢᠭᠤᠨ ᠤ ᠰᠠᠶᠢᠨ ᠡᠳ᠋ ᠤᠨ ᠤᠬᠠᠭᠤᠯᠭ᠎ᠠ ᠶᠢᠨ ᠹᠢᠯᠢᠮ︾ ᠪᠣᠯᠤᠨ ︽ᠬᠠᠷᠠᠴᠢᠨ ᠬᠤᠰᠢᠭᠤᠨ ᠤ ᠰᠠᠶᠢᠨ ᠦᠵᠡᠮᠵᠢ ᠶᠢᠨ ᠤᠬᠠᠭᠤᠯᠭ᠎ᠠ ᠶᠢᠨ ᠹᠢᠯᠢᠮ︾ ᠢ ᠲᠥᠪᠯᠡᠷᠡᠭᠦᠯᠦᠨ ᠦᠵᠡᠪᠡ᠃     ᠲᠠᠨᠢᠯᠴᠠᠭᠤᠯᠭ᠎ᠠ ᠶᠢᠨ ᠬᠤᠷᠠᠯ ᠲᠡᠭᠦᠰᠦᠭᠰᠡᠨ ᠤ ᠳᠠᠷᠠᠭ᠎ᠠ᠂ ᠬᠤᠰᠢᠭᠤᠨ ᠤ ᠵᠠᠰᠠᠭ ᠤᠨ ᠣᠷᠳᠣᠨ ᠤ ᠳᠡᠳ᠋ ᠬᠤᠰᠢᠭᠤᠨ ᠳᠠᠷᠤᠭ᠎ᠠ ᠪᠢᠴᠢᠭᠲᠦ ᠬᠠᠷᠠᠴᠢᠨ ᠬᠤᠰᠢᠭᠤᠨ ᠤ ᠰᠠᠶᠢᠨ ᠦᠵᠡᠮᠵᠢ ᠶᠢ ᠪᠡᠭᠡᠵᠢᠩ ᠳᠤ ᠣᠷᠣᠭᠤᠯᠬᠤ ᠵᠥᠪᠳᠡᠯᠴᠡᠬᠡᠷ ᠤᠨ ᠬᠤᠷᠠᠯ ᠢ ᠵᠣᠬᠢᠶᠠᠨ ᠪᠠᠶᠢᠭᠤᠯᠵᠤ᠂ ᠲᠠᠷᠢᠶᠠᠯᠠᠩ ᠮᠠᠯ ᠠᠵᠤ ᠠᠬᠤᠶ ᠶᠢᠨ ᠲᠣᠪᠴᠢᠶ᠎ᠠ ᠪᠠ ᠬᠤᠰᠢᠭᠤᠨ ᠤ ᠮᠥᠩᠭᠦᠨ ᠭᠦᠢᠯᠭᠡᠭᠡ ᠪᠠ ᠪᠠᠯᠠ ᠣᠷᠣᠭᠤᠯᠤᠯᠲᠠ ᠶᠢ ᠠᠬᠢᠭᠤᠯᠬᠤ ᠲᠣᠪᠴᠢᠶ᠎ᠠ ᠶᠢᠨ ᠭᠤᠤᠯ ᠬᠠᠷᠢᠭᠤᠴᠠᠯᠭᠠᠲᠠᠨ ᠬᠤᠷᠠᠯ ᠳᠤ ᠣᠷᠣᠯᠴᠠᠵᠤ᠂ ᠪᠡᠭᠡᠵᠢᠩ ᠠᠴᠠ ᠢᠷᠡᠭᠰᠡᠨ ᠠᠷᠪᠠ ᠭᠠᠷᠤᠶ ᠠᠵᠤ ᠠᠬᠤᠶᠢᠯᠠᠯ ᠤᠨ ᠲᠥᠯᠥᠭᠡᠯᠡᠭᠴᠢ ᠮᠠᠨ ᠤ ᠬᠤᠰᠢᠭᠤᠨ ᠤ ᠠᠵᠤ ᠠᠬᠤᠶᠢᠯᠠᠯ ᠤᠨ ᠲᠥᠯᠥᠭᠡᠯᠡᠭᠴᠢ ᠲᠠᠢ ᠨᠢᠭᠡ ᠲᠠᠩᠬᠢᠮ ᠳᠤ ᠴᠤᠭᠯᠠᠷᠠᠨ᠂ ᠬᠠᠮᠲᠤᠷᠠᠯᠴᠠᠭᠠᠨ ᠤ ᠵᠥᠪᠳᠡᠯᠴᠡᠬᠡᠷ ᠢ ᠥᠷᠨᠢᠭᠦᠯᠪᠡ᠃ ᠲᠤᠬᠠᠶ ᠶᠢᠨ ᠲᠠᠯᠠᠪᠠᠶ ᠶᠢᠨ ᠠᠷᠪᠠ ᠭᠠᠷᠤᠶ ᠪᠡᠭᠡᠵᠢᠩ ᠤᠨ ᠠᠵᠤ ᠠᠬᠤᠶᠢᠯᠠᠯ ᠮᠠᠨ ᠤ ᠬᠤᠰᠢᠭᠤ ᠲᠠᠢ ᠬᠠᠮᠲᠤᠷᠠᠨ ᠠᠵᠢᠯᠯᠠᠬᠤ ᠰᠠᠨᠠᠯ ᠨᠢᠭᠡᠳᠪᠡ᠃     ᠣᠶᠢᠯᠠᠭᠠᠭᠰᠠᠨ ᠢᠶᠠᠷ᠂ ᠲᠣᠰ ᠤᠳᠠᠭᠠᠨ ᠤ ᠲᠤᠰᠬᠠᠶ ᠲᠠᠯᠠᠪᠤᠷ ᠤᠨ ᠲᠠᠨᠢᠯᠴᠠᠭᠤᠯᠭ᠎ᠠ ᠶᠢᠨ ᠬᠤᠷᠠᠯ ᠳᠤ᠂ ᠲᠠᠨᠢᠯᠴᠠᠭᠤᠯᠬᠤ ᠳᠡᠯᠭᠡᠨ ᠦᠵᠡᠭᠦᠯᠬᠦ ᠪᠠ ᠪᠡᠶᠡᠴᠢᠯᠡᠨ ᠣᠶᠢᠯᠠᠭᠠᠬᠤ ᠳᠡᠯᠭᠡᠨ ᠪᠣᠷᠣᠯᠠᠭᠤᠯᠬᠤ ᠶᠢ ᠤᠶᠠᠯᠳᠤᠭᠤᠯᠬᠤ ᠠᠷᠭ᠎ᠠ ᠮᠠᠶ᠋ᠢᠭ ᠢ ᠠᠪᠴᠤ᠂ ᠤᠨᠴᠠᠯᠢᠬᠳᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠳᠡᠯᠭᠡᠨ ᠪᠣᠷᠣᠯᠠᠭᠤᠯᠬᠤ᠂ ᠰᠣᠶᠣᠯ ᠵᠢᠭᠤᠯᠴᠢᠯᠠᠯ ᠤᠨ ᠪᠦᠲᠦᠭᠡᠭᠳᠡᠬᠦᠨ ᠢ ᠳᠡᠯᠭᠡᠨ ᠪᠣᠷᠣᠯᠠᠭᠤᠯᠬᠤ᠂ ᠲᠤᠰᠬᠠᠶ ᠲᠠᠯᠠᠪᠤᠷ ᠤᠨ ᠬᠤᠳᠠᠯᠳᠤᠭᠠᠴᠢᠨ ᠤᠷᠢᠵᠤ ᠪᠠᠯᠠ ᠣᠷᠣᠭᠤᠯᠬᠤ ᠶᠢ ᠵᠣᠯᠭᠠᠭᠤᠯᠬᠤ᠂ ᠰᠢᠭᠤᠳ ᠨᠡᠪᠲᠡᠷᠡᠭᠦᠯᠵᠦ ᠰᠤᠷᠪᠤᠯᠵᠢᠯᠠᠨ ᠶᠠᠷᠢᠯᠴᠠᠬᠤ᠂ ᠲᠤᠬᠠᠶ ᠶᠢᠨ ᠲᠠᠯᠠᠪᠤᠷ ᠤᠨ ᠠᠮᠲᠠᠲᠤ ᠢᠳᠡᠭᠡᠨ ᠢ ᠠᠮᠲᠠᠯᠠᠬᠤ᠂ ᠤᠷᠠᠨ ᠰᠠᠶᠢᠬᠠᠨ ᠤ ᠲᠤᠰᠠᠯᠠᠬᠤ ᠲᠣᠭᠯᠠᠯᠲᠠ ᠵᠡᠷᠭᠡ ᠵᠦᠢᠯᠡᠰ ᠢ ᠳᠣᠭᠢᠷᠠᠭᠤᠯᠪᠠ᠃ ᠪᠠᠶᠠᠯᠢᠭ ᠰᠠᠶᠢᠬᠠᠨ ᠠᠵᠢᠯᠯᠠᠭ᠎ᠠ ᠶᠢᠨ ᠵᠢᠷᠤᠭ ᠲᠥᠯᠥᠪᠯᠡᠭᠡ ᠪᠠ ᠬᠦᠷ ᠬᠥᠭᠵᠢᠶᠡᠨ ᠲᠠᠢ ᠠᠵᠢᠯᠯᠠᠭ᠎ᠠ ᠶᠢᠨ ᠠᠭᠤᠷ ᠠᠮᠢᠰᠬᠤᠯ ᠨᠢ ᠲᠤᠬᠠᠶ ᠶᠢᠨ ᠲᠠᠯᠠᠪᠤᠷ ᠤᠨ ᠤᠯᠠᠨ ᠲᠦᠮᠡᠨ ᠤ ᠰᠠᠶᠢᠨ ᠦᠨᠡᠯᠡᠯᠲᠡ ᠶᠢ ᠣᠯᠵᠠᠶ᠃ 11 ᠰᠠᠷ᠎ᠠ ᠶᠢᠨ 25 ᠤ ᠡᠳᠦᠷ ᠪᠣᠯᠲᠠᠯ᠎ᠠ᠂ ᠮᠠᠨ ᠤ ᠬᠤᠰᠢᠭᠤᠨ ᠤ ᠦᠵᠡᠭᠦᠯᠦᠯᠭᠡ ᠶᠢᠨ ᠲᠢᠩᠬᠢᠮ ᠤᠨ ᠲᠣᠭᠤᠷᠢᠨ ᠦᠵᠡᠭᠰᠡᠨ ᠬᠥᠮᠦᠨ ᠤ ᠲᠤᠭ᠎ᠠ 3 ᠲᠦᠮᠡᠨ ᠬᠥᠮᠦᠨ ᠤᠳᠠᠭ᠎ᠠ ᠶᠢ ᠳᠠᠪᠠᠵᠤ᠂ ᠲᠤᠬᠠᠶ ᠶᠢᠨ ᠲᠠᠯᠠᠪᠠᠶ ᠶᠢᠨ ᠪᠣᠷᠣᠯᠠᠭᠤᠯᠭ᠎ᠠ ᠪᠠ ᠵᠠᠬᠢᠶᠠᠯᠠᠭ᠎ᠠ ᠶᠢᠨ ᠵᠣᠭᠤᠰ ᠤᠨ ᠲᠤᠭ᠎ᠠ 200 ᠲᠦᠮᠡᠨ ᠲᠥᠭᠦᠷᠢᠭ ᠢ ᠳᠠᠪᠠᠵᠠᠶ᠃ 
 
ᠢᠷᠡᠯᠲᠡ᠄ ᠬᠠᠷᠠᠴᠢᠠ ᠬᠤᠰᠢᠭᠤᠠ ᠤ ᠠᠷᠠᠳ ᠤᠨ ᠵᠠᠰᠠᠭ ᠤᠨ ᠤᠷᠳᠣᠠ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号