2021ᠤᠨ ᠤ ᠴᠠᠭᠠᠨ ᠰᠠᠷ᠎ᠠ ᠶᠢᠨ ᠬᠤᠭᠤᠴᠠᠭᠠᠨ ᠤ ᠬᠤᠰᠢᠭᠤᠨ ᠤ ᠨᠠᠮ ᠤᠨ ᠬᠤᠷᠢᠶ᠎ᠠ ᠶᠢᠨ ᠤᠨᠤᠯ ᠰᠤᠷᠤᠯᠴᠠᠬᠤ ᠭᠤᠤᠯ ᠲᠤᠭᠤᠶᠢᠯᠠᠩ ︵ᠦᠷᠭᠡᠳᠭᠡᠭᠰᠡᠨ︶ ᠨᠤᠮ ᠤᠩᠰᠢᠬᠤ ᠠᠩᠬᠢ ᠡᠷᠬᠢᠯᠡᠪᠡ
ᠨᠡᠶᠢᠲᠡᠯᠡᠭᠰᠡᠨ ᠴᠠᠭ᠄
2021/4/7

   2021ᠤᠨ ᠤ ᠴᠠᠭᠠᠨ ᠰᠠᠷ᠎ᠠ ᠶᠢᠨ ᠬᠤᠭᠤᠴᠠᠭᠠᠨ ᠤ ᠬᠤᠰᠢᠭᠤᠨ ᠤ ᠨᠠᠮ ᠤᠨ ᠬᠤᠷᠢᠶ᠎ᠠ ᠶᠢᠨ ᠤᠨᠤᠯ

ᠰᠤᠷᠤᠯᠴᠠᠬᠤ ᠭᠤᠤᠯ ᠲᠤᠭᠤᠶᠢᠯᠠᠩ ︵ᠦᠷᠭᠡᠳᠭᠡᠭᠰᠡᠨ︶ ᠨᠤᠮ ᠤᠩᠰᠢᠬᠤ ᠠᠩᠬᠢ‌ᠢ ᠵᠢᠨᠱᠠᠨ ᠤ ᠰᠤᠶᠤᠯ

ᠤᠷᠠᠯᠢᠭ ᠤᠨ ᠲᠦᠪ ᠲᠤ ᠠᠩᠬᠢ ᠡᠷᠬᠢᠯᠡᠨ ᠬᠢᠴᠢᠶᠡᠯ ᠤᠷᠤᠯ᠎ᠠ᠃ ᠯᠢᠦᠢ ᠬᠠᠢ ᠴᠧᠨ ︽ᠨᠠᠮ ᠤᠨ ᠲᠡᠮᠡᠴᠡᠵᠦ

ᠢᠷᠡᠭᠰᠡᠨ ᠦᠩᠭᠡᠷᠡᠯᠳᠡ ᠪᠠ ᠰᠢᠯᠢᠳᠡᠭ ᠤᠯᠠᠮᠵᠢᠯᠠᠯ︾ ᠪᠠᠷ ᠰᠡᠳᠦᠪ ᠪᠤᠯᠭᠠᠵᠤ᠂ 1921 ᠤᠨ ᠤ ᠬᠤᠪᠢᠰᠬᠠᠯᠳᠤ

ᠤᠩᠭᠤᠴᠠ ᠠᠴᠠ ᠡᠬᠢᠯᠡᠨ ᠶᠠᠷᠢᠵᠤ᠂ ᠲᠤᠮᠳᠠᠳᠤ ᠤᠯᠤᠰ ᠤᠨ ᠠᠷᠠᠳ ᠲᠦᠮᠡᠨ ᠲᠤᠮᠳᠠᠳᠤ ᠤᠯᠤᠰ ᠤᠨ ᠡᠪ ᠬᠠᠮᠳᠤ

ᠨᠠᠮ ᠤᠨ ᠤᠳᠤᠷᠢᠳᠤᠯᠭ᠎ᠠ ᠲᠤᠤᠷ᠎ᠠ᠂ ᠪᠤᠰᠤᠷᠴᠤ ᠵᠤᠭᠰᠤᠭᠰᠠᠨ ᠠᠴᠠ ᠪᠠᠨ ᠪᠠᠶᠠᠵᠢᠨ ᠴᠢᠨᠡᠭᠡᠯᠢᠭᠵᠢᠵᠦ ᠲᠠᠬᠢᠨᠳᠠ

ᠬᠦᠴᠦᠷᠭᠡᠭ ᠪᠤᠯᠤᠭᠰᠠᠨ ᠬᠡᠷᠡᠯ ᠰᠠᠴᠤᠷᠠᠩᠭᠤᠢ ᠠᠤᠭ᠎ᠠ ᠦᠢᠯᠡᠰ ᠲᠡᠯᠭᠡᠨ ᠦᠵᠡᠭᠦᠯᠪᠡ᠃ ᠦ᠋ ᠵᠢᠶᠦ᠋ᠨ ᠶᠤᠤ ︽

ᠰᠢᠶᠠᠨ ᠤ ᠬᠡᠪᠴᠢᠶᠡᠨ ᠤ ᠠᠵᠤ ᠠᠬᠤᠢ︾ ᠪᠠᠷ ᠰᠡᠳᠤᠪ ᠪᠤᠯᠭᠠᠵᠤ᠂ ᠲᠡᠯᠡᠭᠡᠢ ᠪᠠ ᠤᠯᠤᠰ ᠤᠨ ᠲᠤᠳᠤᠭᠠᠳᠤ ᠶᠢᠨ

ᠠᠵᠤ ᠠᠬᠤᠢ ᠶᠢᠨ ᠪᠠᠶᠢᠳᠠᠯ ᠤᠨ ᠰᠢᠨ᠎ᠡ ᠬᠤᠪᠢᠷᠠᠯᠳᠠ᠂ ᠰᠢ ᠶᠢᠨ ᠫᠢᠩ ᠶᠡᠷᠦᠩᠬᠡᠢ ᠱᠦᠵᠢ ᠶᠢᠨ ᠦᠪᠦᠷ

ᠮᠤᠩᠭᠤᠯ ᠤᠨ ᠴᠢᠨᠠᠷ ᠰᠠᠶᠢᠳᠠᠢ ᠬᠦᠭᠵᠢᠯᠳᠡ ᠶᠢᠨ ᠲᠤᠬᠠᠢ ᠴᠢᠬᠤᠯᠠ ᠦᠭᠦᠯᠡᠮᠵᠢ ᠪᠠᠷ ᠭᠤᠤᠯ ᠪᠤᠯᠭᠠᠵᠤ᠂

ᠰᠤᠨᠤᠰᠤᠭᠴᠢᠳ ᠲᠤ ᠠᠮᠢᠳᠤᠯᠢᠭ ᠰᠠᠶᠢᠬᠠᠨ ᠠᠵᠤ ᠠᠬᠤᠢ ᠶᠢᠨ ᠬᠢᠴᠢᠶᠡᠯ ᠤᠷᠤᠪᠠ᠃

   ᠬᠤᠶᠠᠷ ᠪᠠᠭᠰᠢ ᠶᠢᠨ ᠬᠢᠴᠢᠶᠡᠯ ᠨᠢ ᠨᠠᠮ ᠤᠨ ᠭᠡᠰᠢᠭᠦᠨ ᠺᠠᠳ᠋ᠷ ᠲᠤ ᠲᠤᠩ ᠴᠢᠬᠤᠯᠠ ᠪᠦᠭᠡᠳ ᠠᠯᠤᠰ ᠬᠡᠳᠦ ᠶᠢᠨ

ᠤᠳᠬ᠎ᠠ ᠠᠭᠤᠯᠭ᠎ᠠ ᠲᠠᠢ ᠬᠢᠴᠢᠶᠡᠯ ᠤᠷᠤᠵᠤ᠂ ᠬᠤᠳᠠᠯᠳᠤᠭ᠎ᠠ ᠡᠷᠬᠢᠯᠡᠬᠦ ᠤᠷᠴᠢᠨ ᠲᠤᠭᠤᠷᠢᠨ ᠢ ᠰᠢᠯᠢᠳᠡᠭᠵᠢᠬᠦᠯᠬᠦ

 ᠶᠢ ᠯᠠᠪᠳᠠᠭᠤᠨ ᠢᠶᠠᠷ ᠠᠬᠢᠭᠤᠯᠵᠤ᠂ 2021 ᠤᠨ ᠤ ᠪᠦᠬᠦ ᠬᠤᠰᠢᠭᠤᠨ ᠤ ᠠᠵᠤ ᠠᠬᠤᠢ ᠶᠢᠨ ᠠᠵᠢᠯ ᠢᠶᠠᠨ ᠤᠯᠠᠮ

ᠰᠠᠶᠢᠨ ᠬᠢᠬᠦ ᠳᠤ ᠡᠷᠬᠢᠮ ᠨᠠᠨᠳᠢᠨ ᠲᠤᠯᠢ ᠪᠠ ᠠᠰᠢᠭᠳᠠᠢ ᠯᠠᠪᠯᠠᠯᠳᠠ ᠬᠠᠩᠭᠠᠪᠠ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号