ᠵᠧᠦ ᠰᠢᠶᠤᠤ ᠭᠠᠩ᠄ ᠬᠦᠴᠢᠷᠳᠡᠢ ᠤᠯᠠᠨ ᠲᠦᠮᠡᠨ ᠢ ᠶᠠᠳᠠᠭᠤ ᠠᠴᠠ ᠨᠢ ᠠᠩᠬᠢᠵᠢᠷᠠᠭᠤᠯᠬᠤ ᠪᠤᠯ ᠮᠢᠨᠦ ᠠᠵᠢᠯ ᠤᠨ ᠬᠠᠷᠠᠯᠳᠠ ᠮᠦᠨ
ᠨᠡᠶᠢᠲᠡᠯᠡᠭᠰᠡᠨ ᠴᠠᠭ᠄
2021/3/4

   2019 ᠤᠨ ᠤ 7 ᠰᠠᠷ᠎ᠠ ᠳᠤ᠂ ᠦᠪᠦᠷ ᠮᠤᠩᠭᠤᠯ ᠵᠠᠮ ᠬᠠᠷᠢᠯᠴᠠᠭᠠᠨ ᠤ ᠪᠡᠯᠡ ᠤᠷᠤᠭᠤᠯᠤᠯᠳᠠ ᠶᠢᠨ

ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠵᠧᠦ ᠰᠢᠶᠤᠤ ᠭᠠᠩ ᠢ ᠬᠠᠷᠠᠴᠢᠨ ᠬᠤᠰᠢᠭᠤᠨ ᠤ ᠾᠧᠨᠠᠨ ᠵᠡᠭᠡᠯᠢ

ᠭᠤᠳᠤᠮᠵᠢ ᠶᠢᠨ ᠬᠤᠤ ᠰᠦᠩ ᠭᠧᠦ ᠲᠤᠰᠬᠤᠨ ᠳᠤ ᠲᠤᠮᠢᠯᠠᠨ ᠤᠴᠢᠭᠤᠯᠵᠤ ᠶᠠᠳᠠᠭᠤ ᠶᠢ ᠲᠡᠳᠬᠦᠬᠦ ᠠᠵᠢᠯ ᠢ

ᠬᠠᠷᠢᠭᠤᠴᠠᠭᠤᠯᠪᠠ᠃ ᠬᠤᠶᠠᠷ ᠵᠢᠯ ᠤᠨ ᠲᠤᠷᠰᠢᠳᠠ᠂ ᠵᠧᠦ ᠰᠢᠶᠤᠤ ᠭᠠᠩ ᠲᠤᠰᠬᠤᠨ ᠳᠤ ᠰᠠᠭᠤᠭ᠎ᠠ ᠠᠵᠢᠯᠯᠠᠬᠤ

ᠠᠩᠬᠢ ᠲᠠᠢ ᠬᠠᠮᠳᠤ ᠶᠠᠳᠠᠭᠤ ᠠᠴᠠ ᠠᠩᠬᠢᠵᠢᠷᠠᠭᠤᠯᠬᠤ ᠰᠢᠪᠳᠤᠯᠤᠯᠳᠠ ᠶᠢᠨ ᠬᠦᠴᠦᠯᠡᠴᠡ ᠪᠠᠨ ᠲᠠᠰᠤᠷᠠᠯᠳᠠ ᠦᠭᠡᠢ

ᠴᠢᠩᠭᠠᠳᠬᠠᠨ᠂ ᠠᠷᠠᠳ ᠤᠯᠠᠨ ᠤ ᠠᠮᠢᠳᠤᠷᠠᠯ ᠢ ᠨᠡᠩ ᠰᠠᠶᠢᠨ ᠰᠠᠶᠢᠬᠠᠨ᠂ ᠨᠡᠩ ᠡᠯᠪᠡᠭ ᠪᠠᠶᠠᠯᠢᠭ ᠪᠤᠯᠭᠠᠬᠤ ᠪᠠᠷ

ᠴᠢᠷᠮᠠᠶᠢᠵᠤ ᠪᠠᠶᠢᠨ᠎ᠠ᠃

    ︽ᠵᠤ᠋ ᠭᠤᠸᠠᠩ ᠷᠦᠢ ᠠᠩᠬ᠎ᠠ ᠡᠬᠢᠯᠡᠬᠦ ᠳᠤ ᠪᠠᠨ 6 ᠦᠬᠡᠷ ᠲᠡᠵᠢᠭᠡᠵᠦ ᠪᠠᠶᠢᠭᠰᠠᠨ ᠢᠶᠠᠨ ᠤᠳᠤ 14 ᠦᠬᠡᠷ

 ᠲᠠᠢ ᠪᠤᠯᠴᠢᠬᠠᠯ᠎ᠠ᠂ ᠦᠨᠦ ᠵᠢᠯ ᠤᠨ ᠤᠷᠤᠯᠭ᠎ᠠ ᠨᠢ ᠲᠤᠩ ᠵᠦᠭᠡᠷ᠃︾ 1 ᠰᠠᠷ᠎ᠠ ᠶᠢᠨ 20 ᠤ ᠡᠳᠦᠷ᠂

ᠰᠤᠷᠪᠤᠯᠵᠢᠯᠠᠭᠴᠢ ᠾᠧᠨᠠᠨ ᠵᠡᠭᠡᠯᠢ ᠭᠤᠳᠤᠮᠵᠢ ᠶᠢᠨ ᠬᠤᠤ ᠰᠦᠩ ᠭᠧᠦ ᠲᠤᠰᠬᠤᠨ ᠤ ᠨᠠᠮ ᠤᠯᠠᠨ ᠲᠦᠮᠡᠨ ᠤ

ᠦᠢᠯᠡᠴᠢᠯᠡᠭᠡᠨ ᠤ ᠲᠦᠪ ᠲᠤ ᠬᠦᠷᠴᠦ ᠢᠷᠡᠬᠦ ᠳᠤ ᠵᠧᠦ ᠰᠢᠶᠤᠤ ᠭᠠᠩ 2021 ᠤᠨ ᠤ ᠨᠢᠭᠡᠳᠦᠭᠡᠷ ᠤᠯᠠᠷᠢᠯ ᠤᠨ

ᠶᠠᠳᠠᠭᠤ ᠶᠢ ᠲᠡᠳᠬᠦᠬᠦ ᠭᠠᠷ ᠲᠠᠪᠳᠠᠷ ᠢᠶᠠᠨ ᠲᠠᠭᠯᠠᠵᠤ᠂ ᠶᠠᠳᠠᠭᠤ ᠬᠦᠴᠢᠷᠳᠡᠢ ᠡᠷᠦᠬᠡ ᠶᠢᠨ ᠠᠵᠤ ᠦᠢᠯᠡᠰ ᠤᠨ

ᠬᠦᠭᠵᠢᠯᠳᠡ ᠵᠡᠷᠭᠡ ᠬᠠᠮᠢᠶ᠎ᠠ ᠪᠦᠬᠦᠢ ᠪᠠᠶᠢᠳᠠᠯ ᠰᠤᠳᠤᠯᠵᠤ ᠪᠠᠶᠢᠯ᠎ᠠ᠃

   ᠬᠤᠷᠠᠯ ᠲᠠᠷᠬᠠᠭᠰᠠᠨ ᠤ ᠲᠠᠷᠠᠭ᠎ᠠ᠂ ᠰᠤᠷᠪᠤᠯᠵᠢᠯᠠᠭᠴᠢ ᠵᠧᠦ ᠰᠢᠶᠤᠤ ᠭᠠᠩ ᠢ ᠲᠠᠭᠠᠵᠦ ᠵᠤ᠋ ᠭᠤᠸᠠᠩ ᠷᠦᠢ ᠶᠢᠨ

ᠭᠡᠷ ᠲᠤ ᠬᠦᠷᠦᠯ᠎ᠡ᠃ ᠵᠤ᠋ ᠭᠤᠸᠠᠩ ᠷᠦᠢ 2016 ᠤᠨ ᠳᠤ ᠲᠠᠩᠰᠠ ᠪᠠᠶᠢᠭᠤᠯᠵᠤ ᠺᠡᠷᠲ ᠵᠤᠬᠢᠶᠠᠭᠰᠠᠨ ᠶᠠᠳᠠᠭᠤ

ᠡᠷᠦᠬᠡ ᠪᠠᠷ ᠪᠦᠷᠢᠳᠭᠡᠭᠳᠡᠵᠦ᠂ 2017 ᠤᠨ ᠳᠤ 3 ᠦᠬᠡᠷ ᠬᠤᠳᠠᠯᠳᠤᠨ ᠠᠪᠴᠤ᠂ 2019 ᠤᠨ ᠳᠤ ᠵᠧᠦ

ᠰᠢᠶᠤᠤ ᠭᠠᠩ ᠶᠢᠨ ᠲᠡᠮᠵᠢᠯᠭᠡ ᠪᠠᠷ ᠪᠠᠰᠠ 3 ᠦᠬᠡᠷ ᠬᠤᠳᠠᠯᠳᠤᠨ ᠠᠪᠴᠤ᠂ ᠨᠡᠶᠢᠳᠡ 8 ᠲᠦᠮᠡᠨ ᠲᠦᠭᠦᠷᠢᠭ

ᠵᠡᠷᠤᠴᠠᠭᠤᠯᠪᠠ᠃

   ᠵᠤ᠋ ᠭᠤᠸᠠᠩ ᠷᠦᠢ ᠶᠢᠨ ᠬᠢ ᠠᠴᠠ ᠭᠠᠷᠴᠤ᠂ ᠵᠧᠦ ᠰᠢᠶᠤᠤ ᠭᠠᠩ ᠲᠤᠰ ᠲᠤᠭᠤᠶᠢᠯᠠᠩ ᠤᠨ ᠬᠠᠨ ᠳ᠋ᠦᠩ

ᠱᠧᠩ ᠤᠨ ᠭᠡᠷ ᠲᠤ ᠢᠷᠡᠯ᠎ᠡ᠂ 2015 ᠤᠨ ᠳᠤ ᠬᠠᠨ ᠳ᠋ᠦᠩ ᠱᠧᠩ ᠠᠵᠢᠯ ᠬᠢᠵᠦ ᠪᠠᠶᠢᠬᠤ ᠳᠤ ᠪᠠᠨ

ᠵᠢᠷᠭᠤᠳᠤᠭᠠᠷ ᠠᠰᠠᠷ ᠠᠴᠠ ᠬᠦᠯ ᠠᠯᠳᠠᠨ ᠤᠨᠠᠵᠤ᠂ ᠴᠢᠮᠦᠭᠡᠨ ᠶᠠᠰᠤᠨ ᠤ ᠦᠬᠦᠵᠢᠷᠡᠯ ᠳᠤ ᠨᠡᠷᠪᠡᠭᠳᠡᠪᠡ᠂ ︽

2016 ᠤᠨ ᠳᠤ ᠪᠢ ᠡᠪᠡᠳᠴᠢᠯᠡᠵᠦ ᠤᠨᠤᠴᠢᠳᠠᠢ ᠲᠡᠳᠬᠦᠬᠦ ᠶᠠᠳᠠᠭᠤ ᠡᠷᠦᠬᠡ ᠪᠠᠷ ᠲᠤᠳᠤᠯᠠᠭᠳᠠᠪᠠ᠂

ᠲᠤᠰᠬᠤᠨ ᠳᠤ ᠰᠠᠭᠤᠭ᠎ᠠ ᠠᠵᠢᠯᠯᠠᠬᠤ ᠠᠩᠬᠢ ᠪᠠ ᠬᠤᠶᠠᠷ ᠵᠦᠪᠯᠡᠯ ᠤᠨ ᠬᠠᠪᠰᠤᠷᠤᠯᠭ᠎ᠠ ᠪᠠᠷ 10 ᠦᠬᠡᠷ

ᠬᠤᠳᠠᠯᠳᠤᠨ ᠠᠪᠴᠦ᠂ ᠨᠡᠶᠢᠳᠡ 10 ᠦᠬᠡᠷ ᠬᠤᠳᠠᠯᠳᠤᠴᠢᠬᠠᠯ᠎ᠠ᠂ ᠤᠳᠤ ᠨᠢᠭᠡᠨᠳᠡ 14 ᠦᠬᠡᠷ ᠲᠠᠢ᠃ ᠵᠧᠦ

ᠰᠢᠶᠤᠤ ᠭᠠᠩ ᠲᠤᠰᠬᠤᠨ ᠳᠤ ᠢᠷᠡᠭᠰᠡᠨ ᠨᠠᠰᠢ᠂ ᠮᠠᠨ ᠤ ᠵᠢᠯ ᠤᠨ ᠤᠷᠤᠯᠭ᠎ᠠ ᠲᠤᠯᠤᠭ᠎ᠠ ᠨᠠᠢᠮᠠᠨ ᠲᠦᠮᠡᠨ

ᠲᠦᠭᠦᠷᠢᠭ ᠤᠷᠴᠢᠮ ᠪᠤᠯᠵᠤ᠂ ᠠᠮᠢᠳᠤᠷᠠᠯ ᠤᠯᠠᠮ ᠠᠴᠠ ᠤᠯᠠᠮ ᠰᠠᠶᠢᠵᠢᠷᠠᠵᠤ ᠪᠠᠶᠢᠨ᠎ᠠ᠃︾ ᠬᠠᠨ ᠳ᠋ᠦᠩ ᠱᠧᠩ

ᠲᠤᠰᠬᠤᠨ ᠳᠤ ᠰᠠᠭᠤᠭ᠎ᠠ ᠠᠵᠢᠯᠯᠠᠬᠤ ᠠᠩᠬᠢ ᠶᠢᠨ ᠬᠠᠪᠰᠤᠷᠤᠯᠭ᠎ᠠ ᠶᠢ ᠶᠠᠶᠢᠬᠤ ᠲᠠᠢ ᠵᠡᠷᠭᠡ ᠪᠠᠶᠠᠷᠯᠠᠨ ᠲᠠᠯᠠᠷᠬᠠᠵᠤ

ᠪᠠᠶᠢᠯ᠎ᠠ᠃

   ᠾᠧᠨᠠᠨ ᠵᠡᠭᠡᠯᠢ ᠭᠤᠳᠤᠮᠵᠢ ᠶᠢᠨ ᠬᠤᠤ ᠰᠦᠩ ᠭᠧᠦ ᠲᠤᠰᠬᠤᠨ‌ᠨᠢ 9 ᠲᠤᠭᠤᠶᠢᠯᠠᠩ ᠲᠠᠢ ᠪᠠᠶᠢᠵᠤ᠂ 822

ᠡᠷᠦᠬᠡ 2070 ᠬᠦᠮᠦᠨ ᠲᠠᠢ᠂ 79 ᠡᠷᠦᠬᠡ 178 ᠬᠦᠮᠦᠨ ᠢ ᠲᠠᠩᠰᠠ ᠪᠠᠶᠢᠭᠤᠯᠵᠤ ᠺᠡᠷᠲ ᠵᠤᠬᠢᠶᠠᠭᠰᠠᠨ

ᠶᠠᠳᠠᠭᠤ ᠡᠷᠦᠬᠡ ᠪᠠᠷ ᠪᠦᠷᠢᠳᠭᠡᠵᠦ᠂ 2016 ᠤᠨ ᠳᠤ 31 ᠡᠷᠦᠬᠡ 53 ᠬᠦᠮᠦᠨ ᠢ ᠶᠠᠳᠠᠭᠤ ᠠᠴᠠ

ᠠᠩᠬᠢᠵᠢᠷᠠᠭᠤᠯᠤᠨ᠂ 2017 ᠤᠨ ᠳᠤ 19 ᠡᠷᠦᠬᠡ 41 ᠬᠦᠮᠦᠨ ᠢ  ᠶᠠᠳᠠᠭᠤ ᠠᠴᠠ ᠠᠩᠬᠢᠵᠢᠷᠠᠭᠤᠯᠤᠨ᠂

2018 ᠤᠨ ᠳᠤ 20 ᠡᠷᠦᠬᠡ 53 ᠬᠦᠮᠦᠨ ᠢ ᠶᠠᠳᠠᠭᠤ ᠠᠴᠠ ᠠᠩᠬᠢᠵᠢᠷᠠᠭᠤᠯᠤᠨ᠂ 2019 ᠤᠨ ᠳᠤ 9

ᠡᠷᠦᠬᠡ 31 ᠬᠦᠮᠦᠨ ᠢ ᠶᠠᠳᠠᠭᠤ ᠠᠴᠠ ᠠᠩᠬᠢᠵᠢᠷᠠᠭᠤᠯᠪᠠ᠃ ᠭᠤᠷᠪᠠᠨ ᠵᠢᠯ ᠭᠠᠷᠤᠢ ᠶᠢᠨ ᠬᠠᠪᠰᠤᠷᠤᠯᠭ᠎ᠠ ᠪᠠᠷ

ᠲᠠᠮᠵᠢᠨ ᠶᠠᠳᠠᠭᠤᠷᠠᠬᠤ ᠨᠤᠷᠮ᠎ᠠ 0% ᠪᠤᠯᠪᠠ᠃

    ︽ᠶᠠᠳᠠᠭᠤ ᠶᠢ ᠲᠡᠳᠬᠦᠬᠦ ᠦᠩᠭᠡᠷᠡᠯᠳᠡ ᠨᠢ ᠲᠤᠮᠳᠠᠳᠤ ᠶᠢᠨ ᠬᠦᠮᠦᠨ ᠪᠤᠯᠤᠭᠰᠠᠨ ᠤ ᠬᠤᠪᠢ ᠳᠤ ᠵᠤᠯ

ᠵᠢᠷᠭᠠᠯᠳᠠᠢ ᠶᠠᠪᠤᠳᠠᠯ ᠭᠡᠵᠦ ᠪᠢ ᠪᠤᠳᠤᠵᠤ ᠪᠠᠶᠢᠨ᠎ᠠ᠂ ᠲᠡᠯᠡᠬᠡᠢ ᠲᠡᠭᠡᠷᠡᠬᠢ ᠶᠠᠮᠠᠷ ᠴᠤ ᠤᠯᠤᠰ ᠢᠩᠬᠢᠵᠦ ᠬᠢᠵᠦ

ᠲᠡᠶᠢᠯᠬᠦ ᠦᠭᠡᠢ ᠤᠮ᠃ ᠤᠨᠤᠴᠢᠳᠠᠢ ᠶᠠᠳᠠᠭᠤ ᠶᠢ ᠲᠡᠳᠬᠦᠬᠦ ᠪᠤᠯ ᠮᠠᠨ ᠤ ᠤᠯᠤᠰ ᠲᠤ ᠬᠡᠷᠡᠭᠵᠢᠬᠦᠯᠵᠦ ᠪᠠᠶᠢᠭ᠎ᠠ

ᠠᠷᠠᠳ ᠤᠨ ᠰᠡᠳᠬᠢᠯ ᠪᠤᠶᠠᠳᠤ ᠵᠠᠰᠠᠭ ᠤᠨ ᠢᠨᠵᠧᠨᠧᠷᠢᠩ ᠮᠦᠨ᠂ ᠡᠨᠡ ᠬᠦ ᠲᠤᠮᠤ ᠠᠵᠢᠯ ᠤᠨ ᠨᠢᠭᠡᠨ ᠵᠢᠵᠢᠭ

ᠬᠤᠪᠢ ᠪᠤᠯᠤᠭᠰᠠᠨ ᠪᠢ ᠤᠯᠤᠰ ᠭᠡᠷ ᠤᠨ ᠬᠦᠴᠦᠷᠬᠡᠭᠵᠢᠯ᠂ ᠴᠢᠨᠠᠭᠡᠯᠢᠭᠵᠢᠯ ᠳᠤ ᠤᠮᠤᠭᠰᠢᠵᠤ ᠪᠠᠶᠢᠨ᠎ᠠ᠃︾ ᠭᠡᠵᠦ

ᠵᠧᠦ ᠰᠢᠶᠤᠤ ᠭᠠᠩ ᠰᠤᠷᠪᠤᠯᠵᠢᠯᠠᠭᠴᠢ ᠳᠤ ᠶᠠᠷᠢᠵᠤ ᠪᠠᠶᠢᠯ᠎ᠠ᠃

 

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号