ᠱᠢ ᠵᠢᠶᠠ ᠽᠦᠨ ᠲᠤᠰᠬᠤᠨ ᠤ ᠬᠤᠯᠤ ᠶᠢᠨ ᠰᠠᠭᠤᠷᠢᠨ ᠭᠠᠵᠠᠷ ᠲᠠᠨ ᠢ ᠪᠠᠶᠠᠷᠯᠠᠨ ᠤᠭᠳᠤᠵᠤ ᠪᠠᠶᠢᠨ᠎ᠠ
ᠨᠡᠶᠢᠲᠡᠯᠡᠭᠰᠡᠨ ᠴᠠᠭ᠄
2019/9/30
 ︽ᠬᠤᠯᠤ ᠬᠡᠦᠬᠡᠳ︾ ᠭᠡᠵᠦ ᠲᠤᠷᠠᠳᠬᠤ ᠲᠠᠢ ᠵᠡᠷᠭᠡ  ᠡᠷᠳᠡᠮ ᠴᠢᠳᠠᠪᠤᠷᠢ ᠤᠯᠠᠨ ᠠᠴᠠ ᠬᠡᠳᠦᠶᠢᠳᠦᠭᠰᠡᠨ᠂ ᠡᠷᠡᠯᠬᠡᠭ ᠪᠠᠭᠠᠳᠤᠷᠯᠢᠭ ᠪᠠᠶᠢᠳᠠᠭ ᠠᠬ᠎ᠠ ᠲᠡᠭᠦᠦ ᠲᠤᠯᠤᠭᠠᠨ ᠬᠤᠯᠤ ᠬᠡᠦᠬᠡᠳ ᠢ ᠬᠦᠮᠦᠨ ᠪᠦᠬᠦᠨ ᠪᠤᠳᠤᠵᠤ ᠤᠯᠳᠠᠭ᠂ ᠲᠡᠷᠡ ᠨᠢ ᠬᠡᠳᠦᠨ ᠦᠶ᠎ᠡ ᠶᠢᠨ ᠬᠦᠮᠦᠰ ᠤᠨ ᠰᠠᠶᠢᠬᠠᠨ ᠲᠤᠷᠠᠰᠤᠯ ᠢ ᠠᠴᠢᠶᠠᠯᠠᠵᠤ ᠪᠠᠶᠢᠳᠠᠭ ᠶᠤᠮ᠃ ᠤᠳᠤ᠂ ᠶᠠᠭ ᠰᠠᠶ᠋ᠢᠬᠠᠨ ᠪᠠᠰᠠ ᠨᠢᠭᠡ ᠪᠦᠯᠦᠭ ᠬᠤᠯᠤ ᠨᠤᠭᠤᠳ ᠱᠢ ᠵᠢᠶᠠ ᠽᠦᠨ ᠲᠤᠰᠬᠤᠨ ᠳᠤ ᠲᠠᠨ ᠢ ᠪᠠᠶᠠᠷᠯᠠᠨ ᠤᠭᠳᠤᠵᠤ ᠪᠠᠶᠢᠨ᠎ᠠ᠃
ᠱᠢ ᠵᠢᠶᠠ ᠽᠦᠨ ᠲᠤᠰᠬᠤᠨ ᠤ ᠬᠤᠯᠤ ᠶᠢᠨ ᠰᠠᠭᠤᠷᠢᠨ ᠭᠠᠵᠠᠷ‌ᠨᠢ ᠬᠠᠷᠠᠴᠢᠨ ᠬᠤᠰᠢᠭᠤᠨ ᠤ ᠱᠢ ᠵᠢᠶᠠ ᠮᠠᠨᠵᠤ ᠦᠨᠳᠦᠰᠦᠳᠡᠨ ᠤ ᠲᠤᠰᠬᠤᠨ ᠳᠤ ᠪᠠᠶᠢᠳᠠᠭ᠂ ᠰᠢ ᠶᠢᠨ ᠫᠢᠩ ᠶᠡᠷᠦᠩᠬᠡᠢ ᠱᠦᠵᠢ ᠶᠢᠨ ᠲᠤᠬᠠᠢ ᠶᠢᠨ ᠭᠠᠵᠠᠷ ᠲᠤ ᠨᠢ ᠰᠢᠨᠵᠢᠯᠡᠨ ᠪᠠᠶᠢᠴᠠᠭᠠᠭᠰᠠᠨ ᠡᠮᠡᠭᠡᠯ ᠠᠭᠤᠯᠠ ᠲᠤᠰᠬᠤᠨ ᠠᠴᠠ 30 ᠺᠢᠯᠤᠮᠧᠲᠷ ᠵᠠᠢ ᠲᠠᠢ᠂ ᠡᠮᠡᠭᠡᠯ ᠠᠭᠤᠯᠠ ᠰᠡᠯᠡᠭᠦᠴᠡᠨ ᠠᠮᠠᠷᠠᠬᠤ ᠲᠤᠭᠤᠷᠢᠭ ᠤᠨ ᠬᠡᠪᠴᠢᠶᠡᠨ ᠳᠤ ᠪᠠᠭᠳᠠᠨ᠎ᠠ᠃
ᠤᠶᠢᠷ᠎ᠠ ᠶᠢᠨ ᠵᠢᠯ ᠠᠴᠠ ᠨᠠᠰᠢ᠂ ᠲᠡᠭᠡᠳᠦ ᠱᠠᠳᠤᠨ ᠤ ᠶᠠᠳᠠᠭᠤ ᠶᠢ ᠲᠡᠳᠬᠦᠬᠦ ᠲᠦᠷᠦ ᠶᠢᠨ ᠪᠤᠳᠤᠯᠭ᠎ᠠ ᠶᠢᠨ ᠲᠠᠮᠵᠢᠯᠭᠡ ᠲᠤᠤᠷ᠎ᠠ᠂ ᠱᠢ ᠵᠢᠶᠠ ᠽᠦᠨ ᠲᠤᠰᠬᠤᠨ ᠵᠢᠭᠤᠯᠴᠢᠯᠠᠯ ᠤᠨ ᠪᠦᠳᠦᠭᠡᠭᠳᠡᠬᠦᠨ ᠤ ᠶᠠᠳᠠᠭᠤ ᠶᠢ ᠲᠡᠳᠬᠦᠬᠦ ᠦᠢᠯᠡᠳᠭᠡᠯ ᠤᠨ ᠲᠠᠰᠤᠭ ᠪᠠ 20 ᠮᠤ᠋ ᠬᠤᠯᠤ ᠲᠠᠷᠢᠬᠤ ᠰᠠᠭᠤᠷᠢᠨ ᠭᠠᠵᠠᠷ ᠪᠠᠶᠢᠭᠤᠯᠪᠠ᠂ ᠤᠳᠤ ᠨᠢᠬᠡᠨᠳᠡ ᠲᠤᠮᠤ᠂ ᠲᠤᠮᠳᠠ᠂ ᠵᠢᠵᠢᠭ ᠬᠤᠯᠤ᠂ ᠠᠷᠢᠬᠢᠨ ᠬᠤᠯᠤ᠂ ᠯᠢᠩᠪᠦ ᠶᠢᠨ ᠬᠤᠯᠤ᠂ ᠲᠦᠷᠰᠦᠳᠦ ᠬᠤᠯᠤ ᠵᠡᠷᠭᠡ ᠬᠤᠯᠤ ᠲᠠᠷᠢᠬᠤ ᠪᠤᠯᠵᠠᠢ᠂ ᠭᠤᠤᠯ ᠪᠤᠯᠬᠤ ᠤᠷᠠᠯᠠᠯ ᠨᠢ ᠵᠢᠩ ᠲᠠᠢ ᠯᠠᠨ᠂ ᠰᠡᠶᠢᠯᠦᠮᠡᠯ᠂ ᠪᠤᠳᠤᠭ ᠤᠷᠤᠭᠤᠯᠬᠤ᠂ ᠢᠯᠡᠦᠷᠳᠡᠮᠡᠯ ᠵᠢᠷᠤᠭ ᠵᠡᠷᠭᠡ᠂ ᠵᠢᠩ ᠲᠠᠢ ᠯᠠᠨ ᠬᠤᠯᠤ ᠨᠢ ᠤᠯᠤᠰ ᠤᠨ ᠪᠤᠳᠠᠰ ᠤᠨ ᠪᠤᠰᠤ ᠰᠤᠶᠤᠯ ᠦᠪ ᠤᠨ ᠪᠦᠷᠢᠳᠭᠡᠯ ᠢᠶᠠᠷ ᠵᠢᠭᠰᠠᠭᠠᠭᠳᠠᠵᠤ᠂ ᠤᠭᠠᠯᠵᠠ ᠬᠤᠸᠠᠷ ᠨᠢ ᠨᠠᠷᠢᠯᠢᠭ ᠭᠤᠶᠤ ᠪᠠᠶᠢᠵᠤ᠂ ᠤᠯᠤᠰ ᠤᠨ ᠲᠤᠳᠤᠨ᠎ᠠ ᠭᠠᠳᠠᠨ᠎ᠠ ᠪᠤᠷᠤᠯᠠᠭᠤᠯᠭ᠎ᠠ ᠰᠠᠶᠢᠳᠠᠢ ᠶᠤᠮ᠃
ᠤᠷᠳᠤ ᠤᠳᠠᠭᠠᠨ ᠲᠡᠦᠬᠡ ᠶᠢᠨ ᠬᠤᠭᠤᠴᠠᠭᠠᠨ ᠳᠤ ᠲᠤᠮᠳᠠᠳᠤ ᠶᠢᠨ ᠪᠤᠯᠪᠠᠰᠤᠨ ᠨᠢ ᠮᠠᠰᠢ ᠤᠯᠠᠨ ᠠᠷᠠᠳ ᠤᠨ ᠤᠷᠠᠯᠢᠭ ᠤᠨ ᠪᠦᠳᠦᠭᠡᠯ ᠢ ᠪᠤᠢ ᠪᠤᠯᠭᠠᠭᠰᠠᠨ ᠶᠤᠮ᠂ ︽ᠬᠤᠯᠤ︾ ᠨᠢ ᠲᠡᠬᠦᠨ ᠤ ᠲᠤᠮᠳᠠᠬᠢ ᠨᠢᠭᠡᠨ ᠵᠦᠢᠯ ᠪᠢᠯᠡ᠃ ᠮᠠᠨ ᠤ ᠤᠯᠤᠰ ᠤᠨ ᠡᠷᠳᠡᠨ ᠤ ᠦᠶ᠎ᠡ ᠳᠤ ᠬᠤᠯᠤ ᠨᠢ ︽ᠦᠷ᠎ᠡ ᠬᠤᠶᠢᠴᠢᠰ ᠦᠨᠢᠷ ᠦᠳᠬᠡᠨ︾ ᠭᠡᠬᠦ ᠶᠤᠭᠳᠠ ᠤᠳᠬ᠎ᠠ ᠲᠠᠢ ᠭᠡᠳᠡᠭ᠂ ᠬᠤᠯᠤ ᠨᠢ ︽ᠪᠤᠶᠠᠨ ᠹᠦᠩᠯᠦ︾ ᠭᠡᠬᠦ ᠬᠢᠳᠡᠳ ᠦᠭᠡ ᠶᠢᠨ ᠠᠪᠢᠶ᠎ᠠ ᠲᠠᠢ ᠤᠶᠢᠷᠠᠯᠴᠠᠭ᠎ᠠ ᠪᠠᠶᠢᠵᠤ᠂ ᠪᠤᠶᠠᠨ ᠵᠠᠶᠠᠭ᠎ᠠ ᠪᠦᠬᠦᠨ ᠪᠠᠭᠳᠠᠭᠠᠵᠤ᠂ ᠶᠢᠷᠳᠢᠨᠴᠦ ᠲᠡᠯᠡᠭᠡᠢ ᠶᠢ ᠨᠢᠭᠡᠨ ᠬᠤᠯᠤ ᠳᠤ ᠠᠪᠴᠤ ᠶᠠᠪᠤᠳᠠᠭ ᠭᠡᠵᠦ ᠪᠡᠯᠭᠡᠰᠢᠶᠡᠳᠡᠭ᠃ ᠤᠷᠳᠤ ᠬᠤᠭᠤᠴᠠᠭᠠᠨ ᠤ ᠲᠤᠷᠰᠢ᠂ ᠬᠦᠮᠦᠰ ᠨᠢ ᠬᠤᠯᠤ ᠳᠤ ᠰᠠᠶᠢᠨ ᠰᠠᠶᠢᠬᠠᠨ ᠳᠠᠯᠳᠠ ᠤᠳᠬ᠎ᠠ ᠶᠢ ᠵᠤᠬᠢᠶᠠᠵᠤ ᠦᠭᠭᠦᠭᠰᠡᠭᠡᠷ ᠢᠷᠡᠪᠡ᠃ ᠤᠳᠤ ᠪᠤᠯᠬᠤ ᠳᠤ ᠬᠤᠯᠤ ᠨᠢ ᠡᠷᠬᠢᠮᠰᠦᠭ ᠤᠷᠠᠯᠢᠭ ᠤᠨ ᠪᠦᠳᠦᠭᠡᠯ ᠪᠤᠯᠵᠤ᠂ ᠠᠵᠢᠯ ᠦᠢᠯᠡᠰ ᠪᠠᠳᠠᠷᠠᠩᠭᠤᠢ᠂ ᠠᠶᠢᠯ ᠭᠡᠷ ᠵᠢᠷᠭᠠᠯ ᠲᠠᠢ᠂ ᠪᠤᠶᠠᠨ ᠹᠦᠩᠯᠦ ᠡᠶᠡᠪᠡᠷᠭᠦᠦ ᠬᠡᠶᠢᠮᠤᠷᠢ ᠵᠠᠶᠠᠭ᠎ᠠ ᠮᠠᠨᠳᠤᠭᠤᠯᠬᠤ ᠶᠢᠨ ᠪᠡᠯᠭᠡᠳᠡᠯ ᠪᠤᠯᠪᠠ᠃
ᠦᠨᠳᠦᠰᠦᠳᠡᠨ ᠤ ᠬᠤᠯᠤ ᠶᠢᠨ ᠰᠤᠶᠤᠯ ᠢ ᠨᠡᠩ ᠰᠠᠶᠢᠳᠤᠷ ᠪᠠᠳᠠᠷᠠᠭᠤᠯᠬᠤ ᠶᠢᠨ ᠲᠦᠯᠦᠭᠡ᠂ ᠬᠦᠮᠦᠰ ᠤᠨ ᠡᠳᠦᠷ ᠲᠤᠳᠤᠮ ᠨᠡᠮᠡᠭᠳᠡᠵᠦ ᠪᠠᠶᠢᠭ᠎ᠠ ᠪᠤᠶᠠᠨ ᠹᠦᠩᠯᠦ ᠶᠢᠨ ᠰᠤᠶᠤᠯ ᠤᠨ ᠬᠡᠷᠡᠭᠴᠡᠭᠡ ᠶᠢ ᠬᠠᠩᠭᠠᠬᠤ ᠶᠢᠨ ᠲᠤᠰᠠᠳᠠ᠂ ᠬᠤᠯᠤ ᠪᠤᠯᠪᠠᠰᠤᠷᠠᠬᠤ ᠪᠠᠷ ᠪᠠᠶᠢᠭ᠎ᠠ ᠲᠤᠬᠢᠶᠠᠯ ᠢᠶᠠᠷ ᠱᠢ ᠵᠢᠶᠠ ᠽᠦᠨ ᠲᠤᠰᠬᠤᠨ ᠨᠢ ᠬᠤᠯᠤ ᠶᠢᠨ ᠰᠠᠭᠤᠷᠢᠨ ᠭᠠᠵᠠᠷ ᠲᠠᠭᠠᠨ ᠲᠠᠨ ᠢ ᠤᠷᠢᠵᠤ ᠬᠤᠯᠤ ᠲᠠᠭᠦᠯᠭᠡᠨ᠂ ᠤᠯᠵᠠᠷᠬᠠᠭ ᠰᠡᠳᠬᠢᠯ ᠤᠨ ᠬᠠᠪᠤ ᠴᠡᠩᠭᠡᠯ ᠢ ᠡᠳᠡᠯᠡᠭᠦᠯᠬᠦ ᠪᠠᠷ ᠪᠤᠢ᠃ ᠲᠤᠬᠠᠢ ᠶᠢᠨ ᠴᠠᠭ ᠲᠤ ᠲᠤᠰᠬᠠᠢ ᠪᠠᠭᠰᠢ ᠵᠠᠯᠠᠵᠤ ᠬᠤᠯᠤ ᠶᠢᠨ ᠲᠤᠬᠠᠢ ᠲᠠᠶᠢᠯᠪᠤᠷᠢ ᠬᠢᠯᠭᠡᠨ᠂ ᠬᠤᠯᠤ ᠶᠢᠨ ᠡᠮᠨᠡᠯᠬᠡ ᠶᠢᠨ ᠦᠨ᠎ᠡ ᠦᠷᠳᠡᠭ ᠪᠠ ᠨᠤᠭᠤᠭ᠎ᠠ ᠵᠠᠭᠤᠰᠢ ᠪᠤᠯᠭᠠᠬᠤ ᠶᠢ ᠵᠢᠭᠠᠵᠤ᠂ ᠬᠤᠯᠤ ᠬᠠᠳᠠᠭᠠᠯᠠᠬᠤ ᠠᠷᠭ᠎ᠠ ᠶᠢ ᠲᠦᠭᠡᠮᠡᠯᠵᠢᠯᠡᠬᠦᠯᠵᠦ᠂ ᠬᠤᠯᠤ ᠶᠢᠨ ᠤᠷᠠᠯᠢᠭ ᠤᠨ ᠪᠦᠳᠦᠭᠡᠭᠳᠡᠭᠦᠨ ᠪᠤᠯᠭᠠᠬᠤ ᠶᠠᠪᠤᠴᠠ ᠶᠢ ᠰᠤᠷᠭᠠᠵᠤ᠂ ᠮᠠᠨᠵᠦ ᠦᠨᠳᠦᠰᠦᠳᠡᠨ ᠤ ᠠᠶᠢᠯ ᠲᠤᠰᠬᠤᠨ ᠤ ᠦᠩᠭᠡ ᠦᠵᠡᠮᠵᠢ ᠶᠢ ᠰᠤᠨᠢᠷᠬᠠᠭᠤᠯᠬᠤ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号