ᠮᠡᠶᠢᠷᠡᠨ ᠳᠠᠬᠢ ᠱᠠᠨ ᠷᠦᠩ ᠠᠶᠢᠮᠠᠭ ᠤᠨ ᠵᠢᠭᠤᠯᠴᠢᠯᠠᠯ ᠤᠨ ᠤᠷᠤᠨ ᠤ ᠴᠢᠯᠠᠭᠤᠨ ᠴᠠᠶᠢᠵᠠ ᠨᠢ ᠡᠷᠦᠬᠡ  ᠪᠠᠨ ᠰᠡᠭᠦᠭᠡᠵᠦ ᠠᠰᠢᠭᠯᠠᠯᠳᠠ ᠳᠤ ᠤᠷᠤᠪᠠ
ᠨᠡᠶᠢᠲᠡᠯᠡᠭᠰᠡᠨ ᠴᠠᠭ᠄
2019/9/10
ᠨᠠᠢᠮᠠᠨ ᠰᠠᠷ᠎ᠠ ᠶᠢᠨ ᠮᠡᠶᠢᠷᠡᠨ᠂ ᠨᠠᠮᠤᠷ ᠤᠨ ᠠᠮᠢᠰᠬᠤᠯ ᠰᠡᠩᠬᠢᠨᠡᠵᠦ᠂ ᠦᠩᠭᠡ ᠦᠵᠡᠮᠵᠢ ᠡᠳᠡᠭᠡᠳ ᠭᠤᠶᠤ ᠪᠠᠶᠢᠯ᠎ᠠ᠃ ᠡᠨᠡᠬᠦ ᠴᠡᠴᠡᠭ ᠵᠢᠮᠢᠰ ᠠᠩᠬᠢᠯᠤᠭᠰᠠᠨ ᠨᠠᠮᠤᠷ ᠤᠨ ᠰᠢᠷᠭᠠᠯ ᠤᠯᠠᠷᠢᠯ ᠳᠤ᠂ 8  ᠰᠠᠷ᠎ᠠ ᠶᠢᠨ 19 ᠡᠳᠦᠷ᠂ ᠮᠡᠶᠢᠷᠡᠨ  ᠳᠠᠬᠢ ᠱᠠᠨ ᠷᠦᠩ ᠠᠶᠢᠮᠠᠭ ᠤᠨ ᠵᠢᠭᠤᠯᠴᠢᠯᠠᠯ ᠤᠨ ᠤᠷᠤᠨ ᠤ ᠴᠢᠯᠠᠭᠤᠨ ᠴᠠᠶᠢᠵᠠ ᠨᠢ ᠡᠷᠦᠬᠡ ᠪᠠᠨ ᠰᠡᠭᠦᠭᠡᠵᠦ ᠠᠰᠢᠭᠯᠠᠯᠳᠠ ᠳᠤ ᠤᠷᠤᠪᠠ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠬᠠᠷᠠᠴᠢᠨ ᠬᠤᠰᠢᠭᠤᠨ ᠤ ᠬᠤᠷᠢᠶᠠᠨ ᠤ ᠪᠠᠶᠢᠩᠭᠤ ᠶᠢᠨ ᠬᠡᠰᠢᠭᠦᠨ᠂ ᠵᠤᠬᠢᠶᠠᠨ ᠪᠠᠶᠢᠭᠤᠯᠬᠤ ᠬᠡᠯᠳᠡᠰ ᠤᠨ ᠲᠠᠷᠤᠭ᠎ᠠ ᠸᠧᠨ ᠰᠢᠶᠠᠩ ᠱᠧᠩ᠂ ᠬᠠᠷᠠᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠲᠡᠳ᠋ ᠲᠠᠷᠢᠭᠦᠯᠡᠭᠴᠢ ᠯᠤ᠋ ᠭᠤᠸᠠᠩ ᠮᠢᠩ ᠡᠬᠢᠯᠡᠯᠳᠡ ᠶᠢᠨ ᠶᠤᠰᠤᠯᠠᠯ ᠳᠤ ᠤᠷᠤᠯᠴᠠᠪᠠ᠃
ᠱᠠᠨ ᠷᠦᠩ ᠠᠶᠢᠮᠠᠭ ᠤᠨ ᠵᠢᠭᠤᠯᠴᠢᠯᠠᠯ ᠤᠨ ᠤᠷᠤᠨ ᠤ ᠴᠢᠯᠠᠭᠤᠨ ᠴᠠᠶᠢᠵᠠ ᠨᠢ ᠮᠡᠶᠢᠷᠡᠨ ᠪᠠᠯᠭᠠᠰᠤᠨ ᠤ ᠳ᠋ᠦᠩ ᠵᠢᠦᠢ ᠽᠢ ᠲᠤᠰᠬᠤᠨ ᠳᠤ ᠪᠠᠶᠢᠳᠠᠭ᠂ ᠤᠯᠠᠭᠠᠨᠬᠠᠳᠠ ᠶᠢᠨ ᠱᠠᠨ ᠷᠦᠩ ᠠᠶᠢᠮᠠᠭ ᠤᠨ ᠵᠢᠭᠤᠯᠴᠢᠯᠠᠯ ᠤᠨ ᠬᠢᠵᠠᠭᠠᠷᠳᠤ ᠺᠤᠮᠫᠠᠨᠢ ᠠᠴᠠ ᠨᠡᠭᠡᠬᠡᠨ ᠠᠰᠢᠭᠯᠠᠬᠤ ᠪᠠᠷ ᠪᠠᠶᠢᠭ᠎ᠠ ᠠᠮᠢ ᠠᠬᠤᠢ ᠶᠢᠨ ᠦᠵᠡᠮᠵᠢ᠂ ᠰᠡᠯᠡᠬᠦᠴᠡᠯ ᠵᠤᠭᠠᠴᠠᠯ᠂ ᠪᠡᠶᠡᠴᠢᠯᠡᠨ ᠤᠷᠤᠯᠴᠠᠬᠤ᠂ ᠶᠠᠪᠠᠭᠠᠨ ᠠᠯᠬᠤᠵᠤ ᠡᠷᠡᠬᠦᠯᠵᠢᠬᠦ ᠶᠢ ᠨᠢᠭᠡ ᠴᠤᠭᠴᠠᠵᠢᠭᠤᠯᠤᠭᠰᠠᠨ ᠶᠡᠷᠦᠩᠭᠡᠢ ᠴᠢᠨᠠᠷᠳᠠᠢ ᠵᠢᠭᠤᠯᠴᠢᠯᠠᠯ ᠤᠨ  ᠴᠡᠭ ᠶᠤᠮ᠂ ᠲᠤᠰ ᠤᠷᠤᠨ ᠳᠤ ᠭᠤᠯᠭᠤᠯᠳᠠ ᠶᠢᠨ ᠵᠠᠮ᠂ ᠤᠢ ᠰᠢᠭᠤᠢ ᠪᠠᠷ ᠠᠶᠠᠯᠠᠬᠤ᠂ ᠪᠠᠭᠠᠴᠤᠳ ᠤᠨ ᠴᠡᠩᠭᠡᠭᠦᠨ᠂ ᠪᠡᠶ᠎ᠡ ᠴᠢᠬᠢᠷᠠᠭᠵᠢᠭᠤᠯᠬᠤ ᠵᠠᠮ ᠵᠡᠷᠭᠡ ᠵᠤᠭ᠎ᠠ ᠴᠡᠩᠭᠡᠬᠦᠨ ᠢ ᠤᠶᠠᠯᠳᠤᠭᠤᠯᠤᠭᠰᠠᠨ ᠲᠦᠷᠦᠯ ᠵᠦᠢᠯ ᠪᠤᠯᠬᠤ ᠶᠤᠮ᠂ ᠢᠳᠡᠬᠦ᠂ ᠬᠤᠨᠤᠬᠤ᠂ ᠠᠶᠠᠯᠠᠬᠤ᠂ ᠵᠤᠭᠠᠴᠠᠬᠤ᠂ ᠬᠤᠳᠠᠯᠳᠤᠨ ᠠᠪᠬᠤ᠂ ᠵᠤᠭ᠎ᠠ ᠴᠡᠩᠭᠡᠯ ᠢ ᠪᠦᠷᠢᠯᠳᠤᠬᠦᠯᠦᠭᠰᠡᠨ᠂ ᠤᠯᠠᠭᠠᠨᠬᠠᠳᠠ ᠬᠤᠳᠠ ᠤᠷᠴᠢᠨ ᠳᠠᠬᠢ ᠦᠪᠡᠷᠳᠡᠭᠡᠨ ᠲᠡᠷᠭᠡ ᠵᠢᠯᠤᠭᠤᠳᠤᠨ ᠵᠤᠭᠠᠴᠠᠬᠤ ᠪᠠ ᠲᠦᠷᠪᠡᠨ ᠤᠯᠠᠷᠢᠯ ᠤᠨ ᠴᠢᠬᠤᠯᠠ ᠵᠢᠭᠤᠯᠴᠢᠯᠠᠯ ᠤᠨ ᠴᠡᠭ ᠪᠤᠯᠬᠤ ᠶᠤᠮ᠃ᠠᠮᠢ ᠠᠬᠤᠢ ᠶᠢᠨ ᠭᠤᠶᠤ ᠦᠵᠡᠮᠵᠢ ᠶᠢ ᠰᠤᠨᠢᠷᠬᠠᠨ᠂ ᠨᠡᠭᠦᠳᠡᠯ ᠠᠶᠢᠮᠠᠭ ᠤᠨ ᠭᠠᠶᠢᠬᠠᠮᠰᠢᠭᠳᠤ ᠲᠡᠦᠭᠡ ᠶᠢ ᠰᠤᠨᠢᠷᠬᠠᠨ᠂ ᠦᠨᠢ ᠡᠷᠳᠡᠨ ᠤ ᠦᠨᠳᠦᠰᠦᠳᠡᠨ ᠢ ᠡᠷᠢᠯᠬᠢᠯᠡᠵᠦ᠂ ᠱᠠᠨ ᠷᠦᠩ ᠦᠨᠳᠦᠰᠦᠳᠡᠨ ᠤ ᠰᠤᠶᠤᠯ ᠲᠤᠮᠳᠠᠭᠤᠷ ᠤᠮᠪᠠᠨ᠎ᠠ᠃ ᠠᠳᠡ ᠢᠷᠡᠭᠰᠡᠨ ᠬᠦᠮᠦᠨ ᠪᠤᠯᠭᠠᠨ ᠡᠬᠡ ᠪᠠᠶᠢᠭᠠᠯᠢ ᠶᠢᠨ ︽ᠤᠢ ᠰᠢᠭᠤᠢ ᠶᠢᠨ ᠬᠦᠴᠢᠯᠳᠦ᠋ᠷᠦᠭᠴᠢ ᠶᠢᠨ ᠪᠠᠭᠠᠷ︾ ᠳᠤ ᠲᠠᠭᠠᠳᠠᠢ ᠠᠮᠠᠷᠠᠵᠤ᠂ ︽ᠰᠢᠯᠦᠭ ᠵᠢᠷᠤᠭ ᠮᠡᠳᠦ︾ ᠮᠡᠶᠢᠷᠡᠨ ᠤ ᠨᠤᠳᠤᠭ ᠢᠶᠠᠷ ᠲᠠᠭᠠᠳᠠᠢ ᠵᠤᠭᠠᠴᠠᠬᠤ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号