ᠬᠠᠷᠠᠴᠢᠨ ᠬᠤᠰᠢᠭᠤ 2019 ᠤᠨ ᠤ ᠰᠢᠨ᠎ᠡ ᠬᠡᠯᠪᠡᠷᠢ ᠶᠢᠨ ᠲᠤᠬᠠᠶᠢᠯᠠᠭᠰᠠᠨ ᠠᠵᠢᠯ ᠤᠨ ᠲᠠᠷᠢᠶᠠᠴᠢᠨ ᠮᠠᠯᠴᠢᠨ ᠤ ᠬᠦᠮᠦᠵᠢᠯ ᠤᠨ ᠠᠩᠬᠠᠳᠠᠭᠴᠢ ᠬᠤᠭᠤᠴᠠᠭᠠᠨ ᠤ ᠪᠤᠯᠪᠠᠰᠤᠷᠠᠯ ᠤᠨ ᠠᠩᠬᠢ ᠶᠢ ᠡᠷᠬᠢᠯᠡᠪᠡ
ᠨᠡᠶᠢᠲᠡᠯᠡᠭᠰᠡᠨ ᠴᠠᠭ᠄
2019/7/2
ᠬᠠᠷᠠᠴᠢᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶ᠎ᠠ ᠬᠦᠳᠡᠭᠡ ᠲᠤᠰᠬᠤᠨ ᠢ ᠮᠠᠨᠳᠤᠭᠤᠯᠬᠤ ᠪᠠ ᠤᠨᠤᠪᠴᠢᠳᠠᠢ ᠶᠠᠳᠠᠭᠤ ᠶᠢ ᠲᠡᠳᠬᠦᠬᠦ ᠠᠵᠢᠯ ᠢ ᠤᠷᠭᠠᠨᠢᠭ ᠢᠶᠠᠷ ᠤᠶᠠᠯᠳᠤᠭᠤᠯᠵᠤ᠂ ᠬᠠᠷᠠᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠲᠡᠳ᠋ ᠲᠡᠷᠢᠭᠦᠯᠡᠭᠴᠢ᠂ ᠲᠠᠷᠢᠶᠠᠯᠭᠩ ᠮᠠᠯ ᠠᠵᠤ ᠠᠬᠤᠢ ᠶᠢᠨ ᠲᠤᠪᠴᠢᠶᠠᠨ ᠲᠠᠷᠤᠭ᠎ᠠ ᠪᠢᠴᠢᠭᠳᠦ ᠶᠢᠨ ᠲᠠᠭᠠᠭᠤᠯᠭ᠎ᠠ ᠲᠤᠤᠷ᠎ᠠ ᠲᠤᠪᠴᠢᠶᠠᠨ ᠤ ᠤᠳᠤᠷᠢᠳᠬᠤ ᠪᠠᠭ ᠨᠢ ᠬᠠᠮᠳᠤ ᠶᠢᠨ ᠲᠠᠨᠢᠯᠳᠠ ᠪᠠᠨ ᠪᠦᠷᠢᠯᠳᠦᠬᠦᠯᠦᠨ ᠪᠤᠯᠪᠠᠰᠤᠷᠠᠭᠤᠯᠵᠤ᠂ ᠤᠶᠤᠨ ᠪᠢᠯᠢᠭ ᠢ ᠨᠢ ᠲᠡᠳᠭᠦᠭᠦ ᠪᠠ ᠡᠷᠴᠢ ᠵᠤᠷᠢᠭ ᠢ ᠨᠢ ᠲᠡᠳᠬᠦᠬᠦ ᠶᠢ ᠤᠶᠠᠯᠳᠤᠭᠤᠯᠵᠤ᠂ ᠪᠦᠬᠦ ᠲᠤᠪᠴᠢᠶᠠᠨ ᠤ ᠪᠠᠨ ᠰᠢᠯᠢᠳᠡᠭ ᠬᠦᠴᠦᠨ ᠢᠶᠠᠨ ᠲᠠᠶᠢᠴᠢᠯᠠᠨ᠂ ᠰᠢᠨ᠎ᠡ ᠬᠡᠯᠪᠡᠷᠢ ᠶᠢᠨ ᠲᠤᠬᠠᠶᠢᠯᠠᠭᠰᠠᠨ ᠠᠵᠢᠯ ᠤᠨ ᠲᠠᠷᠢᠶᠠᠴᠢᠨ ᠮᠠᠯᠴᠢᠨ ᠤ ᠬᠦᠮᠦᠵᠢᠯ ᠪᠤᠯᠪᠠᠰᠤᠷᠠᠯ ᠤᠨ ᠠᠵᠢᠯ ᠢ ᠪᠦᠬᠦ ᠲᠠᠯ᠎ᠠ ᠪᠠᠷ ᠠᠬᠢᠭᠤᠯᠵᠤ ᠪᠠᠶᠢᠨ᠎ᠠ᠃6 ᠰᠠᠷ᠎ᠠ ᠶᠢᠨ 20 ᠤ ᠡᠳᠦᠷ᠂ ᠬᠠᠷᠠᠴᠢᠨ ᠬᠤᠰᠢᠭᠤᠨ ᠤ 2019 ᠤᠨ ᠤ ᠰᠢᠨ᠎ᠡ ᠬᠡᠯᠪᠡᠷᠢ ᠶᠢᠨ ᠲᠤᠬᠠᠶᠢᠯᠠᠭᠰᠠᠨ ᠠᠵᠢᠯ ᠤᠨ ᠲᠠᠷᠢᠶᠠᠴᠢᠨ ᠮᠠᠯᠴᠢᠨ ᠤ ᠬᠦᠮᠦᠵᠢᠯ ᠤᠨ ᠠᠩᠬᠠᠳᠠᠭᠴᠢ ᠬᠤᠭᠤᠴᠠᠭᠠᠨ ᠤ ᠪᠤᠯᠪᠠᠰᠤᠷᠠᠯ ᠤᠨ ᠠᠩᠬᠢ ᠶᠢ ᠮᠡᠶᠢᠷᠡᠨ ᠭᠤᠤ ᠶᠢᠨ ᠰᠧ ᠵᠢᠢ ᠱᠠᠨ ᠪᠠᠭᠤᠳᠠᠯ ᠳᠤ ᠡᠷᠬᠢᠯᠡᠪᠡ᠃ ᠪᠦᠬᠦ ᠬᠤᠰᠢᠭᠤᠨ ᠤ ᠰᠢᠨ᠎ᠡ ᠬᠡᠯᠪᠡᠷᠢ ᠶᠢᠨ ᠡᠵᠡᠩᠨᠡᠯᠳᠡ ᠶᠢᠨ ᠭᠤᠤᠯ ᠴᠤᠭᠴᠠ ᠶᠢᠨ ᠲᠤᠯᠤᠭᠠᠶᠢᠯᠠᠭᠴᠢ 122 ᠬᠦᠮᠦᠰ ᠲᠤᠰ ᠤᠳᠠᠭᠠᠨ ᠤ ᠪᠤᠯᠪᠠᠰᠤᠷᠠᠯ ᠳᠤ ᠤᠷᠤᠯᠴᠠᠪᠠ᠃6 ᠰᠠᠷ᠎ᠠ ᠶᠢᠨ 21 ᠤ ᠡᠳᠦᠷ᠂ ᠠᠩᠬᠢ ᠡᠬᠢᠯᠡᠬᠦ ᠶᠤᠰᠤᠯᠠᠯ ᠢ ᠶᠠᠪᠤᠭᠳᠠᠭᠤᠯᠪᠠ᠂ ᠤᠯᠠᠭᠠᠨᠬᠠᠳᠠ ᠬᠤᠳᠠ ᠶᠢᠨ ᠲᠠᠷᠢᠶᠠᠯᠭᠩ ᠮᠠᠯ ᠠᠵᠤ ᠠᠬᠤᠢ ᠶᠢᠨ ᠲᠤᠪᠴᠢᠶᠠᠨ ᠤ ᠲᠠᠷᠢᠶᠠᠯᠠᠩ ᠤᠨ ᠮᠡᠷᠭᠡᠵᠢᠯ ᠲᠦᠬᠡᠮᠡᠯᠵᠢᠯᠡᠬᠦᠯᠬᠦ ᠰᠤᠷᠭᠠᠭᠤᠯᠢ ᠶᠢᠨ ᠲᠠᠷᠤᠭ᠎ᠠ ᠵᠠᠩ ᠽᠧ᠂ ᠬᠠᠷᠠᠴᠢᠨ ᠬᠤᠰᠢᠭᠤᠨ ᠤ ᠲᠠᠷᠢᠶᠠᠯᠠᠩ ᠤᠨ ᠮᠠᠰᠢᠨ ᠤ ᠲᠤᠪᠴᠢᠶᠠᠨ ᠲᠠᠷᠤᠭ᠎ᠠ ᠵᠠᠩ ᡁᠢ ᠬᠤᠸᠠ᠂ ᠬᠠᠷᠠᠴᠢᠨ ᠬᠤᠰᠢᠭᠤᠨ ᠤ ᠲᠠᠷᠢᠶᠠᠯᠭᠩ ᠮᠠᠯ ᠠᠵᠤ ᠠᠬᠤᠢ ᠶᠢᠨ ᠲᠤᠪᠴᠢᠶᠠᠨ ᠤ ᠲᠡᠳ᠋ ᠲᠠᠷᠤᠭ᠎ᠠ ᠵᠠᠩ ᠵᠦᠩ᠂ ᠬᠠᠷᠠᠴᠢᠨ ᠬᠤᠰᠢᠭᠤᠨ ᠤ ᠲᠠᠷᠢᠶᠠᠯᠠᠩ ᠤᠨ ᠮᠡᠷᠭᠡᠵᠢᠯ ᠲᠦᠬᠡᠮᠡᠯᠵᠢᠯᠡᠬᠦᠯᠬᠦ ᠰᠤᠷᠭᠠᠭᠤᠯᠢ ᠶᠢᠨ ᠲᠠᠷᠤᠭ᠎ᠠ ᠯᠢᠦ ᠶᠠᠨ ᠬᠤᠸᠠ᠂ ᠬᠠᠷᠠᠴᠢᠨ ᠬᠤᠰᠢᠭᠤᠨ ᠤ ᠲᠠᠷᠢᠶᠠᠯᠠᠩ ᠤᠨ ᠮᠡᠷᠭᠡᠵᠢᠯ ᠲᠦᠬᠡᠮᠡᠯᠵᠢᠯᠡᠬᠦᠯᠬᠦ ᠰᠤᠷᠭᠠᠭᠤᠯᠢ ᠶᠢᠨ ᠲᠡᠳ᠋ ᠲᠠᠷᠤᠭ᠎ᠠ ᠰᠢᠦᠢ ᠶᠠᠠ ᠱᠤᠸᠠᠩ᠂ ᠬᠠᠷᠠᠴᠢᠨ ᠬᠤᠰᠢᠭᠤᠨ ᠤ ᠲᠠᠷᠢᠶᠠᠯᠭᠩ ᠮᠠᠯ ᠠᠵᠤ ᠠᠬᠤᠢ ᠶᠢᠨ ᠲᠤᠪᠴᠢᠶᠠᠨ ᠤ ᠬᠠᠤᠯᠢ ᠬᠡᠷᠡᠭᠵᠢᠬᠦᠯᠬᠦ ᠶᠡᠭᠡ ᠠᠩᠬᠢ ᠶᠢᠨ ᠲᠠᠷᠤᠭ᠎ᠠ ᠴᠧᠨ ᠳ᠋ᠦᠩ ᠱᠧᠩ ᠠᠩᠬᠢ ᠡᠬᠢᠯᠡᠬᠦ ᠶᠤᠰᠤᠯᠡᠯ ᠳᠤ ᠤᠷᠤᠯᠴᠠᠪᠠ᠃ ᠠᠩᠬᠢ ᠡᠬᠢᠯᠡᠬᠦ ᠶᠤᠰᠤᠯᠡᠯ ᠢ ᠬᠠᠷᠠᠴᠢᠨ ᠬᠤᠰᠢᠭᠤᠨ ᠤ ᠲᠠᠷᠢᠶᠠᠯᠭᠩ ᠮᠠᠯ ᠠᠵᠤ ᠠᠬᠤᠢ ᠶᠢᠨ ᠲᠤᠪᠴᠢᠶᠠᠨ ᠲᠡᠳ᠋ ᠲᠠᠷᠤᠭ᠎ᠠ ᠵᠠᠩ ᠵᠦᠩ ᠡᠷᠬᠢᠯᠡᠪᠡ᠃ᠤᠯᠠᠭᠠᠨᠬᠠᠳᠠ ᠬᠤᠳᠠ ᠶᠢᠨ ᠲᠠᠷᠢᠶᠠᠯᠭᠩ ᠮᠠᠯ ᠠᠵᠤ ᠠᠬᠤᠢ ᠶᠢᠨ ᠲᠤᠪᠴᠢᠶᠠᠨ ᠤ ᠲᠠᠷᠢᠶᠠᠯᠠᠩ ᠤᠨ ᠮᠡᠷᠭᠡᠵᠢᠯ ᠲᠦᠬᠡᠮᠡᠯᠵᠢᠬᠦᠯᠬᠦ ᠰᠤᠷᠭᠠᠭᠤᠯᠢ ᠶᠢᠨ ᠲᠠᠷᠤᠭ᠎ᠠ ᠵᠠᠩ ᠽᠧ ᠠᠩᠬᠢ ᠡᠬᠢᠯᠡᠭᠰᠡᠨ ᠪᠠᠶᠠᠷ ᠤᠨ ᠦᠭᠡ ᠬᠡᠯᠡᠪᠡ᠂ ᠲᠡᠷᠡ ᠭᠤᠷᠪᠠᠨ ᠲᠠᠯ᠎ᠠ ᠶᠢᠨ ᠠᠭᠤᠯᠭ᠎ᠠ ᠶᠢ ᠴᠢᠬᠤᠯᠠᠴᠢᠯᠠᠨ ᠶᠠᠷᠢᠪᠠ᠄ ᠨᠢᠬᠡ ᠳᠤ᠂ ᠰᠢᠨ᠎ᠡ ᠬᠡᠯᠪᠡᠷᠢ ᠶᠢᠨ ᠲᠤᠬᠠᠶᠢᠯᠠᠭᠰᠠᠨ ᠠᠵᠢᠯ ᠤᠨ ᠲᠠᠷᠢᠶᠠᠴᠢᠨ ᠮᠠᠯᠴᠢᠨ ᠢ ᠬᠦᠮᠦᠵᠢᠬᠦᠯᠬᠦ ᠪᠠ ᠤᠳᠤ ᠦᠶ᠎ᠡ ᠶᠢᠨ ᠲᠠᠷᠢᠶᠠᠯᠠᠩ ᠤᠨ ᠲᠠᠯᠠᠪᠠᠢ ᠶᠢᠨ ᠵᠠᠯᠠᠭᠤ ᠡᠵᠡᠨᠳᠡᠨ ᠢ ᠬᠦᠮᠦᠵᠢᠬᠦᠯᠬᠦ ᠴᠢᠬᠤᠯᠠ ᠴᠢᠨᠡᠷ᠃ ᠬᠤᠶᠠᠷ ᠲᠤ᠂ ᠤᠳᠤ ᠦᠶ᠎ᠡ ᠶᠢᠨ ᠲᠠᠷᠢᠶᠠᠯᠠᠩ ᠤᠨ ᠲᠠᠯᠠᠪᠠᠢ ᠶᠢᠨ ᠵᠠᠯᠠᠭᠤ ᠡᠵᠡᠨᠳᠡᠨ ᠢ ᠬᠦᠮᠦᠵᠢᠬᠦᠯᠬᠦ ᠠᠩᠬᠢ ᠶᠢᠨ ᠲᠤᠯᠤᠭᠠᠨ ᠤᠨᠴᠠᠯᠢᠭ᠃ ᠭᠤᠷᠪᠠ ᠳᠤ᠂ ᠰᠠᠨᠠᠭᠤᠯᠭ᠎ᠠ ᠪᠠ ᠱᠠᠭᠠᠷᠳᠠᠯᠭ᠎ᠠ᠂ ᠰᠢᠨ᠎ᠡ ᠬᠡᠯᠪᠡᠷᠢ ᠶᠢᠨ ᠲᠤᠬᠠᠶᠢᠯᠠᠭᠰᠠᠨ ᠠᠵᠢᠯ ᠤᠨ ᠲᠠᠷᠢᠶᠠᠴᠢᠨ ᠮᠠᠯᠴᠢᠨ ᠤ ᠬᠦᠮᠦᠵᠢᠯ ᠤᠨ ᠴᠢᠬᠤᠯᠠ ᠴᠢᠨᠠᠷ᠂  ᠱᠠᠭᠠᠷᠳᠠᠯᠭᠠᠳᠤ ᠴᠢᠨᠠᠷ᠂ ᠢᠯᠠᠭᠠᠳᠤ ᠴᠢᠨᠠᠷ᠃ᠬᠠᠷᠠᠴᠢᠨ ᠬᠤᠰᠢᠭᠤᠨ ᠤ ᠲᠠᠷᠢᠶᠠᠯᠠᠩ ᠤᠨ ᠮᠠᠰᠢᠨ ᠮᠧᠬᠠᠨᠢᠭ ᠤᠨ ᠲᠤᠪᠴᠢᠶᠠᠨ ᠲᠠᠷᠤᠭ᠎ᠠ ᠵᠠᠩ ᡁᠢ ᠬᠤᠸᠠ ᠠᠴᠠ ᠲᠤᠰ ᠤᠳᠠᠭᠠᠨ ᠤ ᠪᠤᠯᠪᠠᠰᠤᠷᠠᠯ ᠳᠤ ᠤᠷᠤᠯᠴᠠᠭᠰᠠᠨ ᠰᠤᠷᠤᠭᠴᠢᠳ ᠲᠤ ᠡᠯ᠎ᠡ ᠵᠦᠢᠯ ᠤᠨ ᠰᠠᠬᠢᠯᠭ᠎ᠠ ᠪᠠᠳᠤ ᠶᠢᠨ ᠱᠠᠭᠠᠷᠳᠠᠯᠭ᠎ᠠ ᠲᠤᠷᠠᠳᠪᠠ᠂ ᠪᠦᠬᠦ ᠰᠤᠷᠤᠯᠴᠠᠭᠴᠢᠳ ᠪᠠᠶ᠎ᠡ ᠶᠢᠨ ᠭᠠᠷᠤᠯ ᠢᠶᠠᠨ ᠬᠤᠪᠢᠷᠠᠭᠠᠨ᠂ ᠲᠠᠨᠢᠯᠳᠠ ᠤᠪᠤᠷ ᠢᠶᠠᠨ ᠲᠦᠪ ᠪᠤᠯᠭᠠᠵᠤ᠂ ᠰᠤᠷᠤᠭᠴᠢ ᠶᠢᠨ ᠰᠡᠳᠬᠢᠴᠡ ᠪᠠᠷ ᠤᠴᠢᠵᠤ ᠰᠤᠷᠤᠯᠴᠠᠬᠤ ᠶᠢ ᠱᠠᠭᠠᠷᠳᠠᠪᠠ᠂ ᠤᠯᠠᠨ ᠢᠶᠠᠷ ᠢᠶᠠᠨ ᠬᠦᠴᠢᠷ ᠪᠡᠷᠬᠡ ᠶᠢ ᠢᠯᠡᠨ ᠲᠠᠪᠠᠵᠤ᠂ ᠰᠡᠳᠬᠢᠯ ᠲᠤᠭᠳᠠᠭᠤᠨ ᠢᠶᠠᠷ ᠪᠤᠯᠪᠠᠰᠤᠷᠠᠯ ᠳᠤ ᠤᠷᠤᠯᠴᠠᠵᠤ᠂ ᠦᠨᠡᠨ ᠮᠡᠳᠡᠯᠭᠡ ᠤᠯᠵᠤ ᠰᠤᠷᠤᠭᠰᠠᠨ ᠪᠠᠶᠢᠬᠤ ᠬᠡᠷᠡᠭᠳᠡᠢ ᠬᠡᠪᠡ᠃ᠪᠤᠯᠪᠠᠰᠤᠷᠠᠯ ᠤᠨ ᠠᠩᠬᠢ ᠶᠢᠨ ᠪᠦᠬᠦ ᠨᠠᠮ ᠤᠨ ᠭᠡᠰᠢᠭᠦᠳ ᠠᠴᠠ ᠲᠦᠷ ᠴᠠᠭ ᠤᠨ ᠨᠠᠮ ᠤᠨ ᠡᠭᠦᠷ ᠤᠨ ᠲᠠᠭᠠᠭᠤᠯᠭ᠎ᠠ ᠲᠤᠤᠷ᠎ᠠ᠂ ᠨᠠᠮ ᠳᠤ ᠤᠷᠤᠬᠤ ᠲᠠᠩᠭᠠᠷᠢᠭ ᠢᠶᠠᠨ ᠡᠷᠭᠢᠴᠡᠭᠦᠯᠤᠨ ᠲᠦᠪ ᠴᠢᠩᠭ᠎ᠠ ᠪᠠᠷ ᠲᠠᠩᠭᠠᠷᠢᠭᠯᠠᠪᠠ᠃ ᠪᠠᠭᠰᠢ ᠶᠢᠨ ᠲᠦᠯᠦᠭᠡᠯᠡᠭᠴᠢ ᠴᠧᠨ ᠳ᠋ᠥᠩ ᠱᠧᠩ᠂ ᠲᠦᠷ ᠴᠠᠭ ᠤᠨ ᠨᠠᠮ ᠤᠨ ᠡᠭᠦᠷ ᠤᠨ ᠱᠦᠵᠢ ᠭᠦᠩ ᠬᠤᠸᠠ ᠪᠧᠢ᠂ ᠠᠩᠬᠢ ᠶᠢᠨ ᠺᠠᠳ᠋ᠷ ᠤᠨ ᠲᠦᠯᠦᠭᠡᠯᠡᠭᠴᠢ ᠯᠢᠦ ᠸᠧᠢ᠂ ᠰᠤᠷᠤᠭᠴᠢ ᠶᠢᠨ ᠲᠦᠯᠦᠭᠡᠯᠡᠭᠴᠢ ᠱᠤᠤ ᠸᠧᠢ ᠴᠢᠩ ᠲᠤᠰᠪᠤᠷᠢ  ᠤᠪᠤᠷ ᠢᠶᠠᠨ ᠢᠯᠡᠳᠭᠡᠬᠦ ᠶᠡᠷᠢᠶ᠎ᠠ ᠲᠠᠯᠪᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号