ᠳ᠋ᠤᠸᠠᠨ ᡁᠢ ᠴᠢᠶᠠᠩ ᠮᠠᠨ ᠤ ᠬᠤᠰᠢᠭᠤᠨ ᠳᠤ ᠢᠷᠡᠵᠦ ᠠᠷᠪᠠᠨ ᠲᠦᠷᠪᠡᠳᠦᠭᠡᠷ ᠡᠪᠦᠯ ᠤᠨ ᠴᠤᠭᠯᠠᠭᠠᠨ ᠤ ᠦᠨᠳᠦᠷ ᠠᠭᠤᠯᠠᠨ ᠤ ᠴᠠᠨᠠᠯᠠᠯᠳᠠ ᠶᠢᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢᠨ ᠠᠬᠢᠴᠠ ᠶᠢᠨ ᠪᠠᠶᠢᠳᠠᠯ ᠢ ᠰᠢᠨᠵᠢᠯᠡᠨ ᠪᠠᠶᠢᠴᠠᠭᠠᠪᠠ
ᠨᠡᠶᠢᠲᠡᠯᠡᠭᠰᠡᠨ ᠴᠠᠭ᠄
2019/11/10
10 ᠰᠠᠷ᠎ᠠ ᠶᠢᠨ 29   ᠤ ᠡᠳᠦᠷ ᠤᠨ ᠦᠳᠡ ᠶᠢᠨ ᠡᠮᠦᠨ᠎ᠡ᠂ ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠭᠦᠯᠡᠭᠴᠢ᠂ ᠬᠤᠳᠠ ᠶᠢᠨ ᠨᠠᠮ ᠤᠨ ᠬᠤᠷᠢᠶᠠᠨ ᠤ ᠱᠦᠵᠢ ᠳ᠋ᠤᠸᠠᠨ ᡁᠢ ᠴᠢᠶᠠᠩ ᠮᠠᠨ ᠤ ᠬᠤᠰᠢᠭᠤᠨ ᠳᠤ ᠢᠷᠡᠵᠦ ᠠᠷᠪᠠᠨ ᠲᠦᠷᠪᠡᠳᠦᠭᠡᠷ ᠡᠪᠦᠯ ᠤᠨ ᠲᠠᠮᠢᠷ ᠤᠨ ᠴᠤᠭᠯᠠᠭᠠᠨ ᠤ ᠦᠨᠳᠦᠷ ᠠᠭᠤᠯᠠᠨ ᠤ ᠴᠠᠨᠠᠯᠠᠯᠳᠠ ᠶᠢᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢᠨ ᠠᠬᠢᠴᠠ ᠶᠢᠨ ᠪᠠᠶᠢᠳᠠᠯ ᠢ ᠰᠢᠨᠵᠢᠯᠡᠨ ᠪᠠᠶᠢᠴᠠᠭᠠᠪᠠ᠃ ᠬᠤᠳᠠ ᠶᠢᠨ ᠤᠳᠤᠷᠢᠳᠤᠯᠭ᠎ᠠ ᠯᠢᠦ ᠸᠠᠨ ᠬᠤ᠋᠂ ᠮᠠᠨ ᠤ ᠬᠤᠰᠢᠭᠤᠨ ᠤ  ᠭᠤᠤ ᠰᠢ ᠬᠤᠸᠠ᠂ ᠵᠠᠩ ᠭᠦᠸᠧ ᠬᠤᠸᠠ ᠵᠡᠷᠭᠡ ᠤᠳᠤᠷᠢᠳᠤᠯᠭ᠎ᠠ ᠪᠠᠷ᠎ᠠ ᠪᠤᠯᠤᠯᠴᠠᠪᠠ᠃ᠳ᠋ᠤᠸᠠᠨ ᡁᠢ ᠴᠢᠶᠠᠩ ᠰᠢᠨ᠎ᠡ ᠪᠠᠷ ᠪᠠᠶᠢᠭᠤᠯᠵᠤ ᠪᠠᠶᠢᠭ᠎ᠠ ᠴᠠᠰᠤᠨ ᠳᠤ ᠭᠤᠯᠭᠤᠬᠤ ᠪᠠᠭᠠᠵᠢ ᠭᠠᠷᠭᠠᠬᠤ ᠶᠡᠭᠡ ᠲᠠᠩᠬᠢᠮ ᠂ ᠲᠠᠮᠢᠷᠴᠢᠳ ᠤᠨ ᠨᠡᠶᠢᠳᠡ ᠶᠢᠨ ᠪᠠᠶᠢᠷᠢ ᠪᠠ ᠲᠡᠭᠦᠵᠢᠩ ᠵᠠᠮ ᠤᠨ ᠦᠷᠳᠡᠭᠡ ᠵᠡᠷᠭᠡ ᠭᠠᠵᠠᠷ ᠲᠤ ᠭᠦᠨᠵᠡᠭᠡᠶᠢᠷᠡᠵᠦ᠂ ︽ᠠᠷᠪᠠᠨ ᠲᠦᠷᠪᠡᠳᠦᠭᠡᠷ · ᠡᠪᠦᠯ︾ ᠤᠨ ᠦᠨᠳᠦᠷ ᠠᠭᠤᠯᠠᠨ ᠤ ᠴᠠᠨᠠᠯᠠᠯᠳᠠ ᠶᠢᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢᠨ ᠠᠬᠢᠴᠠ ᠶᠢᠨ ᠪᠠᠶᠢᠳᠠᠯ ᠢ ᠨᠠᠷᠢᠨ ᠤᠶᠢᠯᠠᠭᠠᠪᠠ᠃ ᠤᠳᠤᠬᠠᠨ ᠳᠤ᠂ ᠴᠠᠰᠤᠨ ᠳᠤ ᠭᠤᠯᠭᠤᠬᠤ ᠪᠠᠭᠠᠵᠢ ᠭᠠᠷᠭᠠᠬᠤ ᠶᠡᠭᠡ ᠲᠠᠩᠬᠢᠮ ᠤᠨ ᠶᠡᠷᠦᠩᠬᠡᠢ ᠪᠠᠷᠢᠯᠭ᠎ᠠ ᠶᠢᠨ ᠬᠡᠮᠵᠢᠶᠡᠨ ᠤ 93% ᠶᠢ ᠪᠡᠶᠡᠯᠡᠬᠦᠯᠵᠥ᠂ ᠲᠠᠮᠢᠷᠴᠢᠳ ᠤᠨ ᠨᠡᠶᠢᠳᠡ ᠶᠢᠨ ᠪᠠᠶᠢᠷᠢ ᠶᠢ ᠴᠢᠮᠡᠭᠯᠡᠬᠦ ᠠᠵᠢᠯ ᠰᠢᠪᠳᠤᠷᠠᠭᠠᠨ ᠳᠤ ᠪᠠᠨ ᠤᠷᠤᠵᠤ᠂ ᠲᠡᠭᠦᠵᠢᠩ ᠵᠠᠮ ᠨᠢᠬᠡᠨᠳᠡ ᠲᠤᠷᠰᠢᠵᠦ ᠡᠭᠢᠯᠡᠭᠰᠡᠨ ᠢ ᠰᠤᠨᠤᠰᠤᠭᠰᠠᠨ ᠳ᠋ᠤᠸᠠᠨ ᡁᠢ ᠴᠢᠶᠠᠩ ᠲᠤᠩ ᠪᠠᠶᠠᠷᠯᠠᠵᠤ ᠪᠠᠶᠢᠪᠠ ᠃ ᠲᠡᠷᠡ᠂ ᠤᠳᠤᠬᠠᠨ ᠳᠤ ᠲᠠᠯᠠᠪᠠᠢ ᠤᠷᠳᠤᠨ ᠢ ᠪᠠᠶᠢᠭᠤᠯᠬᠤ ᠠᠬᠢᠴᠠ ᠢᠯᠭᠤᠮ ᠪᠠᠶᠢᠵᠤ᠂ ᠰᠡᠭᠦᠯᠴᠢ ᠶᠢᠨ ᠬᠤᠭᠤᠴᠠᠭᠠᠨ ᠤ ᠴᠢᠮᠡᠭᠯᠡᠬᠦ᠂ ᠲᠦᠭᠦᠭᠡᠷᠦᠮᠵᠢ ᠤᠭᠰᠠᠷᠠᠬᠤ ᠵᠡᠷᠭᠡ ᠠᠵᠢᠯ ᠨᠢ ᠪᠦᠷ ᠤᠳᠠᠭᠠᠨ᠂ ᠨᠠᠷᠢᠯᠢᠭ᠂ ᠮᠡᠷᠭᠡᠵᠢᠯ ᠤᠨ ᠠᠵᠢᠯ ᠤᠴᠢᠷ ᠪᠤᠯᠬᠤᠷ ᠤᠯᠠᠮ ᠵᠠᠩᠬᠢᠯᠠᠭ᠎ᠠ ᠶᠢᠨ ᠦᠶ᠎ᠡ ᠳᠤ ᠤᠯᠠᠮ ᠴᠢᠷᠮᠠᠶᠢᠨ ᠠᠵᠢᠯᠯᠠᠬᠤ ᠬᠡᠷᠡᠭᠳᠡᠢ᠂ ᠴᠢᠨᠡᠷ ᠴᠢᠨᠰᠠᠭ᠎ᠠ ᠨᠢᠭᠡᠳᠦᠭᠡᠷ᠂ ᠠᠮᠤᠷ ᠲᠦᠪᠰᠢᠨ ᠢ ᠡᠩ ᠲᠠᠷᠢᠭᠦᠨ ᠳᠤ ᠰᠤᠩᠭᠤᠬᠤ ᠶᠢ ᠪᠠᠷᠢᠮᠳᠠᠯᠠᠵᠤ᠂ ᠠᠵᠢᠯ ᠤᠨ ᠬᠤᠭᠤᠴᠠᠭ᠎ᠠ ᠶᠢ ᠠᠳᠬᠤᠵᠤ᠂ ᠠᠬᠢᠴᠠ ᠶᠢ ᠵᠠᠪᠳᠤᠭᠤᠯᠤᠨ᠂ ᠲᠠᠯᠠᠪᠠᠢ ᠤᠷᠳᠤᠨ ᠤ ᠲᠤᠬᠢᠷᠠᠭᠤᠯᠤᠨ ᠲᠤᠷᠰᠢᠵᠦ ᠰᠢᠯᠭᠠᠬᠤ ᠶᠢ ᠢᠯᠭᠤᠮ ᠶᠠᠪᠤᠭᠳᠠᠬᠤ ᠶᠢ ᠪᠠᠳᠤᠯᠬᠠᠤ ᠬᠡᠷᠡᠭᠳᠡᠢ᠃ ᠠᠷᠪᠠᠨ ᠲᠦᠷᠪᠡᠳᠦᠭᠡᠷ ᠡᠪᠦᠯ ᠤᠨ ᠴᠤᠭᠯᠠᠭᠠᠨ ᠢ ᠠᠰᠢᠭᠯᠠᠨ᠂ ᠮᠡᠶᠢᠷᠡᠨ ᠬᠠᠪᠴᠢᠯ ᠤᠨ ᠤᠷᠤᠯᠳᠤᠭᠠᠨ ᠤ ᠤᠷᠤᠨ ᠤ ᠵᠠᠮ ᠲᠠᠭᠠᠤ ᠤᠷᠴᠢᠨ ᠲᠤᠭᠤᠷᠢᠨ ᠢ ᠶᠡᠷᠦᠩᠬᠡᠶᠢᠯᠡᠨ ᠴᠡᠭᠴᠡᠯᠡᠨ ᠵᠠᠰᠠᠬᠤ ᠬᠦᠴᠦᠯᠡᠴᠡ ᠪᠠᠨ ᠤᠯᠠᠮ ᠨᠢᠭᠡ ᠠᠯᠬᠤᠮ ᠴᠢᠩᠭᠠᠳᠬᠠᠵᠤ᠂ ᠤᠶᠢᠷ᠎ᠠ ᠬᠠᠪᠢ ᠶᠢᠨ ᠦᠵᠡᠮᠵᠢ ᠶᠢᠨ ᠤᠷᠤᠨ ᠢ ᠨᠠᠷᠢᠯᠢᠭ ᠵᠠᠰᠠᠵᠤ᠂ ᠭᠤᠶᠤ ᠰᠠᠶᠢᠬᠠᠨ ᠤᠷᠴᠢᠨ ᠲᠤᠭᠤᠷᠢᠨ᠂ ᠭᠦᠨ ᠵᠤᠵᠠᠭᠠᠨ ᠰᠤᠶᠤᠯ ᠪᠠ ᠰᠢᠯᠢᠳᠡᠭ ᠰᠠᠶᠢᠬᠠᠨ ᠠᠷᠠᠳ ᠤᠨ ᠵᠠᠩ ᠵᠠᠩᠰᠢᠯ ᠢᠶᠠᠷ ᠪᠦᠬᠦ ᠬᠤᠳᠠ ᠶᠢᠨ ᠡᠯ᠎ᠡ ᠵᠦᠢᠯ ᠤᠨ ᠠᠵᠤ ᠦᠢᠯᠡᠰ ᠤᠨ ᠰᠢᠨ᠎ᠡ ᠬᠤᠪᠢᠷᠠᠯᠳᠠ ᠶᠢ ᠬᠠᠷᠠᠭᠤᠯᠬᠤ ᠬᠡᠷᠡᠭᠳᠡᠢ ᠭᠡᠵᠦ ᠴᠢᠬᠤᠯᠠᠴᠢᠯᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号