ᠬᠠᠷᠠᠴᠢᠨ ᠬᠤᠰᠢᠭᠤᠨ ᠤ ᠰᠤᠨᠤᠷ ᠤᠨ ᠵᠡᠮᠳᠡᠭ 65 ᠬᠦᠮᠦᠨ ᠲᠦᠯᠦᠪᠦᠷᠢ ᠦᠭᠡᠢ ᠰᠤᠨᠤᠰᠤᠭᠤᠷ ᠮᠠᠰᠢᠨ  ᠲᠠᠢ ᠪᠤᠯᠤᠯ᠎ᠠ
ᠨᠡᠶᠢᠲᠡᠯᠡᠭᠰᠡᠨ ᠴᠠᠭ᠄
2019/11/10
10 ᠰᠠᠷ᠎ᠠ ᠶᠢᠨ 24 ᠤ ᠡᠳᠦᠷ᠂ ᠵᠢᠨᠱᠠᠨ ᠪᠠᠯᠭᠠᠰᠤᠨ ᠤ ᠬᠤ᠋ ᠪᠢᠨ ᠨᠡᠶᠢᠭᠡᠮ ᠲᠤᠭᠤᠷᠢᠭ ᠤᠨ ᠵᠡᠮᠳᠡᠭᠴᠦᠳ ᠢ ᠡᠷᠡᠬᠦᠯᠵᠢᠯᠡᠬᠦᠯᠬᠦ ᠲᠦᠪ ᠨᠢ ᠤᠨᠴᠠᠭᠠᠢ ᠬᠦᠷ ᠬᠦᠭᠵᠢᠶᠡᠨ ᠲᠠᠢ ᠪᠠᠶᠢᠵᠦ᠂ ᠬᠡᠳᠦᠨ ᠠᠷᠪᠠᠨ ᠲᠠᠩᠰᠠ ᠪᠠᠶᠢᠭᠤᠯᠵᠤ ᠺᠡᠷᠲ ᠵᠤᠬᠢᠶᠠᠭᠰᠠᠨ ᠶᠠᠳᠠᠭᠤ ᠬᠦᠴᠢᠷᠳᠡᠢ ᠡᠷᠦᠭᠡ ᠶᠢᠨ ᠰᠤᠨᠤᠷ ᠨᠢ ᠵᠡᠮᠳᠡᠭ ᠬᠦᠮᠦᠨ ᠵᠢᠴᠢ ᠭᠡᠷ ᠤᠨ ᠬᠦᠮᠦᠰ ᠨᠢ ᠠᠳᠡ ᠢᠷᠡᠵᠦ ᠬᠦᠯᠢᠶᠡᠵᠦ ᠪᠠᠶᠢᠪᠠ᠂ ᠡᠨᠡ ᠡᠳᠦᠷ ᠲᠡᠳ᠋ᠨ ᠰᠤᠨᠤᠰᠤᠭᠤᠷ ᠮᠠᠰᠢᠨ ᠢ ᠲᠦᠯᠦᠪᠦᠷᠢ ᠦᠭᠡᠢ ᠪᠠᠷ ᠡᠳᠡᠯᠡᠵᠦ᠂ ᠲᠠᠭᠤ ᠴᠢᠮᠡᠭᠡ ᠦᠭᠡᠢ ᠴᠠᠭ ᠦᠶ᠎ᠡ ᠪᠠᠨ ᠡᠴᠦᠰᠯᠡᠬᠦᠯᠬᠦ ᠪᠤᠯᠤᠨ᠎ᠠ᠃ᠬᠤ᠋ ᠪᠢᠨ ᠨᠡᠶᠢᠭᠡᠮ ᠲᠤᠭᠤᠷᠢᠭ ᠤᠨ ᠵᠡᠮᠳᠡᠭᠴᠦᠳ ᠢ ᠡᠷᠡᠬᠦᠯᠵᠢᠯᠡᠬᠦᠯᠬᠦ ᠲᠦᠪ ᠤᠨ ᠶᠡᠭᠡ ᠲᠠᠩᠬᠢᠮ ᠳᠤ ᠰᠤᠨᠤᠰᠤᠭᠤᠷ ᠮᠠᠰᠢᠨ ᠠᠪᠬᠤ ᠵᠡᠮᠳᠡᠭ ᠬᠦᠮᠦᠰ ᠳ᠋ᠤᠭᠠᠷᠯᠠᠨ ᠬᠦᠯᠢᠶᠡᠨ᠎ᠡ᠂ ᠳ᠋ᠤᠭᠠᠷ ᠢ ᠨᠢ ᠲᠠᠭᠤᠳᠠᠪᠠᠯ ᠰᠤᠨᠤᠰᠬᠤ ᠮᠠᠰᠢᠨ ᠲᠤᠷᠰᠢᠬᠤ  ᠪᠠᠷ ᠤᠴᠢᠨ᠎ᠠ᠂ ᠰᠤᠨᠤᠰᠤᠭᠤᠷ ᠮᠠᠰᠢᠨ ᠲᠤᠷᠰᠢᠬᠤ ᠲᠤᠭᠤᠷᠢᠭ ᠪᠠ ᠲᠠᠶᠢᠯᠪᠤᠷᠢᠯᠠᠬᠤ ᠲᠤᠭᠤᠷᠢᠭ ᠲᠤ ᠠᠵᠢᠯᠳᠠᠨ  ᠠᠴᠠ ᠮᠠᠰᠢᠨ ᠢ ᠲᠤᠬᠢᠷᠠᠭᠤᠯᠤᠨ ᠦᠭᠴᠦ᠂ ᠬᠡᠷᠡᠭᠯᠡᠬᠦ ᠠᠷᠭ᠎ᠠ ᠪᠠ ᠠᠷᠠᠴᠢᠯᠠᠵᠤ ᠬᠠᠮᠠᠭᠠᠯᠠᠬᠤ ᠲᠤᠬᠠᠢ ᠬᠠᠮᠢᠶ᠎ᠠ ᠪᠦᠬᠦᠢ ᠲᠠᠶᠢᠯᠤᠮᠵᠢ ᠬᠢᠨ᠎ᠡ᠃ᠰᠢ ᠴᠢᠶᠤᠤ ᠵᠧᠨ ᠪᠠᠯᠭᠠᠰᠤᠨ ᠤ ᠭᠤᠤ ᠶᠢᠩᠽᠢ ᠲᠤᠰᠬᠤᠨ ᠤ 62 ᠨᠠᠰᠤᠳᠠᠢ ᠸᠠᠩ ᠶᠢᠨ ᠱᠤ᠋ ᠲᠦᠷᠦᠯᠬᠢ ᠶᠢᠨ ᠰᠤᠨᠤᠰᠬᠤ ᠮᠡᠳᠡᠷᠡᠯ ᠤᠨ ᠰᠠᠭᠠᠳ ᠲᠠᠢ᠂ ᠲᠡᠷᠡ ᠡᠨᠡ ᠤᠳᠠᠭ᠎ᠠ ᠦᠨ᠎ᠡ ᠲᠦᠯᠦᠪᠦᠷᠢ ᠦᠭᠡᠢ ᠪᠠᠷ ᠰᠤᠨᠤᠰᠤᠭᠤᠷ ᠮᠠᠰᠢᠨ ᠬᠤᠪᠢᠳᠠᠨ ᠤᠯᠤᠭᠴᠢ ᠶᠢᠨ ᠨᠢᠭᠡ ᠨᠢ ᠶᠤᠮ᠂ ᠠᠵᠢᠯᠳᠡᠨ ᠲᠡᠬᠦᠨ ᠳᠤ ᠮᠠᠰᠢᠨ ᠢ ᠨᠢ ᠲᠤᠬᠢᠷᠠᠭᠤᠯᠵᠤ ᠦᠭᠭᠦ ᠳᠤ ᠶᠠᠭᠠᠬᠢᠬᠤ ᠶᠢᠨ ᠠᠷᠭ᠎ᠠ ᠦᠭᠡᠢ ᠪᠠᠶᠠᠷᠯᠠᠵᠤ᠂ ᠪᠦᠷ ᠰᠠᠶᠢᠬᠠᠨ ᠤᠯᠵᠤ ᠰᠤᠨᠤᠰᠳᠠᠭ ᠭᠡᠵᠦ ᠬᠡᠯᠡᠵᠦ ᠪᠠᠶᠢᠪᠠ ᠠᠵᠢᠯᠳᠠᠨ ᠤ ᠲᠠᠨᠢᠯᠴᠠᠭᠤᠯᠬᠤ ᠪᠠᠷ᠂ ᠰᠤᠨᠤᠰᠤᠭᠤᠷ ᠮᠠᠰᠢᠨ ᠵᠡᠭᠦᠭᠰᠡᠳ ᠤᠨ ᠰᠤᠨᠤᠷ ᠨᠢ ᠡᠩ ᠬᠦᠮᠦᠨ ᠲᠠᠢ ᠠᠳᠠᠯᠢᠪᠳᠤᠷ ᠪᠤᠯᠵᠤ᠂ ᠶᠡᠷᠤᠳᠡ ᠶᠢᠨ ᠶᠠᠷᠢᠯᠴᠠᠭ᠎ᠠ ᠬᠢᠬᠦ ᠳᠤ ᠰᠠᠭᠠᠳ ᠬᠠᠷᠰᠢ ᠦᠭᠡᠢ ᠪᠤᠯᠳᠠᠭ᠃ ᠲᠤᠰ ᠲᠦᠷᠦᠯ ᠵᠦᠢᠯ ᠢ ᠦᠪᠡᠷᠳᠡᠭᠡᠨ ᠵᠠᠰᠠᠬᠤ ᠤᠷᠤᠨ ᠤ ᠵᠡᠮᠳᠡᠭᠴᠦᠳ ᠤᠨ ᠨᠡᠶᠢᠭᠡᠮᠯᠢᠭ ᠨᠢ ᠦᠪᠡᠷᠳᠡᠭᠡᠨ ᠵᠠᠰᠠᠬᠤ ᠤᠷᠤᠨ ᠤ ᠶᠠᠳᠠᠭᠤ ᠶᠢ ᠲᠡᠳᠭᠦᠭᠦ ᠠᠯᠪᠠᠨ ᠭᠡᠷ ᠲᠠᠢ ᠬᠠᠷᠢᠴᠠᠵᠤ᠂ ᠪᠡᠭᠡᠵᠢᠩ ᠦᠪᠦᠷ ᠮᠤᠩᠭᠤᠯ ᠤᠷᠤᠨ ᠤ ᠬᠠᠷᠠᠭᠠᠯᠵᠠᠭᠤᠯᠤᠨ ᠬᠠᠪᠰᠤᠷᠤᠨ ᠲᠡᠳᠬᠦᠬᠦ ᠪᠡᠯᠡ ᠮᠦᠩᠭᠦ ᠶᠢ ᠤᠯᠵᠤ᠂ ᠦᠪᠡᠷᠳᠡᠭᠡᠨ ᠵᠠᠰᠠᠬᠤ ᠤᠷᠤᠨ ᠤ ᠬᠠᠷᠢᠶ᠎ᠠ ᠲᠠᠪᠤᠨ ᠠᠶᠢᠮᠠᠭ ᠬᠤᠳᠠ ᠶᠢᠨ ᠤᠯᠤᠰ ᠤᠨ ᠲᠡᠰ ᠤᠨ ᠶᠠᠳᠠᠭᠤ ᠬᠦᠴᠢᠷᠳᠡᠢ ᠰᠢᠶᠡᠨ ︵ᠬᠤᠰᠢᠭᠤ︶ ᠤ ᠲᠠᠩᠰᠠ ᠪᠠᠶᠢᠭᠤᠯᠵᠤ ᠺᠠᠷᠲ ᠵᠤᠬᠢᠶᠠᠭᠰᠠᠨ ᠰᠤᠨᠤᠷ ᠨᠢ ᠵᠡᠮᠳᠡᠭ ᠬᠦᠮᠦᠰ ᠲᠤ ᠲᠤᠬᠢᠷᠠᠭᠤᠯᠤᠨ ᠦᠭᠪᠡ᠃ᠬᠤᠰᠢᠭᠤᠨ ᠤ ᠵᠡᠮᠳᠡᠭᠴᠦᠳ ᠤᠨ ᠨᠡᠶᠢᠭᠡᠮᠯᠢᠭ ᠤᠨ ᠲᠡᠳ᠋ ᠬᠡᠷᠡᠭ ᠡᠷᠬᠢᠯᠡᠭᠴᠢ ᠵᠤᠤ ᠬᠤᠩ ᠶᠠᠨ ᠤ ᠲᠠᠨᠢᠯᠴᠠᠭᠤᠯᠤᠭᠰᠠᠨ ᠢᠶᠠᠷ᠂ ᠰᠤᠨᠤᠷ ᠨᠢ ᠵᠡᠮᠳᠡᠭ ᠬᠦᠮᠦᠨ ᠨᠢᠭᠡᠪᠦᠷᠢ ᠳᠤ ᠲᠤᠬᠢᠷᠠᠭᠤᠯᠤᠨ ᠵᠠᠬᠢᠶᠠᠯᠠᠪᠠ᠂ ᠡᠨᠡ ᠤᠳᠠᠭᠠᠨ ᠤ ᠬᠦᠳᠡᠯᠭᠡᠭᠡᠨ ᠳᠤ ᠠᠰᠢᠭ ᠬᠦᠷᠳᠡᠭᠰᠡᠳ ᠨᠢ ᠨᠡᠶᠢᠳᠡ 65 ᠬᠦᠮᠦᠨ ᠪᠠᠶᠢᠵᠤ᠂ ᠡᠬᠦᠨ ᠤ ᠲᠤᠳᠤᠷ᠎ᠠ ᠬᠤᠶᠠᠷ ᠴᠢᠬᠢ ᠨᠢ ᠰᠤᠨᠤᠷ ᠤᠨ ᠵᠡᠮᠳᠡᠭ ᠲᠠᠢ 54 ᠬᠦᠮᠦᠨ᠂ ᠨᠢᠭᠡ ᠴᠢᠬᠢ ᠨᠢ ᠰᠤᠨᠤᠷ ᠤᠨ ᠵᠡᠮᠳᠡᠭ ᠲᠠᠢ 11 ᠬᠦᠮᠦᠨ᠂ ᠶᠡᠷᠦᠩᠬᠡᠢ ᠦᠷᠳᠡᠭ   ᠨᠢ 420 ᠲᠦᠮᠡᠨ ᠲᠦᠭᠦᠷᠢᠭ ᠢ ᠲᠠᠪᠠᠪᠠ᠃ ᠬᠤᠰᠢᠭᠤᠨ ᠤ ᠵᠡᠮᠳᠡᠭᠴᠦᠳ ᠤᠨ ᠨᠡᠶᠢᠭᠡᠮᠯᠢᠭ ᠨᠢ ᠤᠳᠤ ᠶᠠᠭ ᠪᠡᠭᠡᠵᠢᠩ ᠦᠪᠦᠷ ᠮᠤᠩᠭᠤᠯ ᠤᠷᠤᠨ ᠤ ᠬᠠᠷᠠᠭᠠᠯᠵᠠᠭᠤᠯᠤᠨ ᠬᠠᠪᠰᠤᠷᠤᠨ ᠲᠡᠳᠬᠦᠬᠦ ᠲᠦᠷᠦᠯ ᠵᠦᠢᠯ ᠢ ᠲᠦᠰᠦᠪᠯᠡᠨ ᠬᠢᠵᠦ ᠪᠠᠶᠢᠨ᠎ᠠ᠂ ᠡᠨᠡ ᠲᠦᠷᠦᠯ ᠵᠦᠢᠯ ᠢ ᠬᠡᠷᠡᠭᠵᠢᠭᠦᠯᠵᠦ ᠲᠠᠭᠤᠰᠪᠠᠯ ᠮᠠᠨ ᠤ ᠪᠦᠬᠦ ᠬᠤᠰᠢᠭᠤᠨ ᠤ ᠲᠠᠩᠰᠠ ᠪᠠᠶᠢᠭᠤᠯᠵᠤ ᠺᠡᠷᠲ ᠵᠤᠬᠢᠶᠠᠭᠰᠠᠨ ᠶᠠᠳᠠᠭᠤ ᠬᠦᠴᠢᠷᠳᠡᠢ ᠡᠷᠦᠭᠡ ᠶᠢᠨ ᠰᠤᠨᠤᠷ ᠨᠢ ᠵᠡᠮᠳᠡᠭ ᠬᠦᠮᠦᠨ ᠪᠦᠬᠦᠨ ᠳᠤ ᠰᠤᠨᠤᠰᠬᠤ ᠶᠢ ᠲᠤᠳᠤᠳᠬᠠᠬᠤ ᠮᠠᠰᠢᠨ ᠲᠠᠢ ᠪᠤᠯᠭᠠᠵᠤ ᠴᠢᠳᠠᠨ᠎ᠠ ᠭᠡᠵᠦ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07000271号